ᠬᠠᠪᠤᠷ ᠎ᠤᠨ ᠴᠠᠰᠤ
2026-04-22 16:28:05
ᠵᠣᠬᠢᠶᠠᠭ᠍ᠴᠢ᠄
ᠤᠯᠠᠭᠠᠨᠪᠠᠶᠠᠷ
ᠣᠩᠱᠢᠭ᠍ᠰᠠᠨ ᠣᠳᠠᠭ᠎ᠠ᠄
★★★☆☆

ᠬᠠᠪᠤᠷ᠎ᠤᠨ ᠴᠠᠰᠤ᠎ᠶ᠋ᠢ ᠬᠠᠷ᠎ᠠ ᠨᠣᠬᠠᠶ ᠴᠤ᠌ ᠬᠥᠭᠡᠭᠡᠭᠡᠳ ᠭᠦᠢᠴᠡᠬᠦ᠌ ᠦᠭᠡᠢ ᠭᠡᠳᠡᠭ᠃ ᠲᠣᠰᠣ᠎ᠴᠤ᠌ ᠱᠢᠭ᠋᠂ ᠥᠷᠥᠮ᠎ᠡ᠎ᠴᠤ᠌ ᠱᠢᠭ᠃ ᠳᠡᠪᠡᠯ ᠳᠡᠭᠡᠷ᠎ᠡ ᠳᠤᠰᠤᠭ᠍ᠰᠠᠨ ᠨᠢ ᠤᠰᠤ ᠴᠤ᠌ ᠳᠡᠯᠡᠬᠡᠢ᠎ᠳᠦ ᠱᠢᠮᠡᠳᠦᠭ᠌ᠰᠡᠨ ᠨᠢ ᠲᠣᠰᠣ᠎ᠴᠤ᠌ ᠥᠭᠡᠷ᠎ᠡ ᠦᠦ ᠳ᠋ᠠ᠂ ᠤᠷᠢᠨ ᠴᠠᠭ᠎ᠤᠨ ᠨᠠᠷᠠ ᠨᠠᠭᠠᠱᠢᠯᠠᠬᠤ᠎ᠳᠤ ᠡᠪᠦᠯ᠎ᠢ ᠡᠵᠡᠩᠨᠡᠭ᠌ᠰᠡᠨ ᠵᠤᠵᠠᠭᠠᠨ ᠬᠥᠷ ᠴᠠᠰᠤ᠂ ᠲᠣᠭ᠎ᠠ ᠲᠣᠮᠰᠢ ᠦᠭᠡᠢ ᠴᠤᠨᠤᠭᠠᠬᠤ ᠢᠯᠴᠢ᠎ᠲᠡᠶ ᠵᠡᠭᠦᠦ ᠎ᠨᠦᠭᠦᠳ᠎ᠲᠤ ᠲᠥᠭᠡᠨᠡᠭ᠌ᠳᠡᠨ ᠬᠥᠷᠥᠰᠥᠲᠦ ᠭᠠᠵᠠᠷ᠎ᠢ ᠪᠦᠷᠬᠦᠭ᠌ᠰᠡᠨ ᠴᠠᠭᠠᠨ ᠨᠡᠬᠡᠢ ᠨᠢ ᠡᠨᠳᠡ ᠲᠡᠨᠳᠡ ᠬᠠᠵᠠᠭᠤ ᠬᠠᠪᠢᠷᠭ᠎ᠠ᠎ᠠᠴᠠ᠎ᠪᠠᠨ ᠴᠤᠭᠤᠴᠢᠭ᠍ᠳᠠᠨ ᠠᠯᠠᠭ ᠲᠠᠷᠯᠠᠨ ᠪᠣᠯᠴᠢᠬᠠᠭᠠᠳ 《ᠪᠠᠰᠠ ᠵᠢᠭᠠᠬᠠᠨ ᠪᠠᠢᠵᠤ ᠪᠠᠢᠶ᠎ᠠ!》 ᠭᠡᠰᠡᠨ ᠱᠢᠭ ᠰᠠᠢᠬᠠᠨ ᠬᠠᠭᠤᠯᠤᠭ᠍ᠰᠠᠨ ᠬᠣᠨᠢᠨ᠎ᠤ᠎ᠪᠠᠨ ᠠᠷᠠᠰᠤ᠎ᠶ᠋ᠢ ᠰᠠᠯᠠᠩ ᠡᠷ᠎ᠡ ᠬᠠᠢᠩᠭᠤᠳᠠᠭᠤᠬᠠᠨ ᠭᠠᠷ᠎ᠤᠨ ᠠᠶ᠎ᠠ ᠪᠡᠷ ᠱᠢᠳᠡᠭ᠌ᠰᠡᠨ ᠬᠡᠮᠡᠷ ᠡᠨᠳᠡ᠎ᠴᠤ᠌ ᠨᠢᠭᠡ ᠲᠡᠨᠳᠡ᠎ᠴᠤ᠌ ᠨᠢᠭᠡ ᠴᠠᠢᠷᠠᠨ ᠬᠠᠷᠠᠭ᠍ᠳᠠᠵᠤ ᠪᠠᠢᠬᠤ᠎ᠳᠤ᠂ ᠡᠵᠢ᠎ᠶᠢᠨ ᠮᠢᠨᠢ ᠵᠤᠪᠴᠠᠭᠠᠨ᠎ᠳᠠᠭᠠᠨ ᠵᠤᠯᠤᠭ᠍ᠰᠠᠨ ᠬᠥᠪᠥᠩ ᠱᠢᠭ ᠰᠡᠪᠰᠡᠭᠡᠷ ᠵᠥᠭᠡᠯᠡᠨ ᠢᠵᠠᠮᠠᠭ᠍ᠳᠠᠭ᠍ᠰᠠᠨ ᠬᠠᠪᠤᠷ᠎ᠤᠨ ᠴᠠᠰᠤ ᠠᠶᠠᠷ ᠠᠶᠠᠷᠬᠠᠨ ᠯᠠᠪᠰᠠᠯᠠᠨ ᠪᠠᠭᠤᠨ᠎ᠠ᠃ ᠶᠠᠭᠤ ᠪᠡᠷ᠎ᠴᠤ᠌ ᠵᠦᠢᠷᠯᠡᠮ᠎ᠡ ᠦᠭᠡᠢ ᠴᠠᠪ ᠴᠠᠭᠠᠨ᠂ ᠬᠠᠷᠢᠨ ᠶᠠᠭ᠎ᠯᠡ ᠡᠵᠢ ᠬᠦᠮᠦᠨ ᠎ᠤ ᠳᠤᠯᠠᠭᠠᠨ ᠭᠠᠷ ᠰᠢᠬ ᠲᠤᠷᠭᠠᠮᠰᠤᠭ ᠪᠦᠭᠡᠳ ᠲᠡᠢᠮᠦᠬᠡᠨ ᠨᠡᠮᠡᠭᠦᠬᠡᠨ ᠶᠤᠮ ᠪᠢᠯᠡ!

ᠬᠠᠪᠤᠷ᠎ᠤᠨ ᠴᠠᠰᠤ ᠬᠥᠷᠥᠰᠥᠲᠥ᠍ ᠳᠡᠯᠡᠬᠡᠢ᠎ᠶ᠋ᠢ ᠲᠤᠩ ᠴᠠᠭᠠᠨ ᠥᠳᠥᠨ ᠬᠥᠨᠵᠢᠯᠡ᠎ᠪᠡᠷ ᠬᠤᠴᠢᠭ᠍ᠰᠠᠨ ᠴᠤ᠌ ᠬᠠᠷᠢᠨ ᠬᠦᠢᠲᠡᠮᠰᠦᠭ ᠪᠢᠰᠢ᠂ ᠶᠠᠭ ᠯᠡ ᠬᠦᠯᠡᠮᠵᠢ ᠱᠢᠭ ᠡᠶᠡᠪᠡᠷᠭᠦᠬᠡᠨ ᠠᠮᠢᠰᠭᠤᠭ᠎ᠠ ᠭᠦᠶᠦᠯᠭᠡᠨᠡᠭᠦᠯᠵᠦ᠍᠂ ᠲᠡᠭᠦᠨ᠎ᠦ ᠳᠣᠣᠷ᠎ᠠ ᠡᠬᠡ ᠭᠠᠵᠠᠷ ᠬᠥᠯᠴᠦᠭᠡᠵᠦ᠍᠂ ᠢᠳᠡᠷ ᠡᠪᠦᠯ᠎ᠦᠨ ᠬᠦᠢᠲᠡᠨ ᠠᠮᠢᠰᠭᠤᠯ ᠎ᠳᠤ  ᠲᠦᠭ᠌ᠵᠢᠭ᠌ᠳᠡᠨ ᠪᠦᠭ᠌ᠴᠢᠮᠳᠡᠵᠦ᠍᠂ ᠬᠥᠯᠳᠡᠵᠦ᠍ ᠪᠡᠭᠡᠷᠡᠭ᠌ᠰᠡᠨ ᠮᠠᠬᠠᠪᠣᠳ᠎ᠢᠶᠠᠨ ᠰᠤᠨᠢᠶᠠᠨ ᠲᠡᠨᠢᠶ᠋ᠯᠭᠡᠵᠦ᠍ ᠡᠬᠢᠯᠡᠨ᠎ᠡ᠃ ᠬᠠᠪᠤᠷ᠎ᠤᠨ ᠴᠠᠰᠤ ᠨᠢ ᠴᠠᠰᠤᠨ ᠳᠡᠭᠡᠷ᠎ᠡ ᠪᠠᠭᠤᠭ᠍ᠰᠠᠨ ᠬᠦᠢᠲᠡᠨ ᠭᠥᠯᠮᠥᠭ ᠪᠢᠰᠢ᠂ ᠶᠡᠷᠦ᠍᠎ᠨᠢ ᠳᠠᠭᠠᠷᠠᠭ᠍ᠰᠠᠨ ᠬᠥᠮᠦᠨ᠎ᠳᠦ ᠬᠦᠷᠭᠡᠭ᠌ᠰᠡᠨ ᠳᠠᠬᠤ ᠴᠤ᠌ ᠶᠤᠮ ᠳ᠋ᠠ᠃ ᠲᠡᠷᠡ᠂ ᠬᠥᠬᠡᠭᠡ ᠡᠪᠦᠯ᠎ᠦᠨ ᠱᠣᠱᠢᠭ᠎ᠠ ᠪᠣᠯᠤᠭ᠍ᠰᠠᠨ ᠬᠠᠭ᠍ᠵᠠᠷᠠᠵᠤ  ᠬᠣᠪᠬᠤᠷᠤᠭ᠍ᠰᠠᠨ ᠴᠤ᠌ ᠰᠠᠯᠬᠤ ᠦᠭᠡᠢ ᠳᠡᠰᠦᠭᠡᠳ ᠪᠠᠢᠭ᠎ᠠ ᠬᠣᠩᠭᠣᠷ ᠬᠦᠷ᠎ᠢ ᠢᠯᠴᠢ᠎ᠪᠡᠷ᠎ᠢᠶᠡᠨ ᠢᠳᠭᠠᠨ ᠤᠶᠠᠰᠭᠠᠵᠤ᠂ ᠢᠷᠡᠵᠦ᠍ ᠶᠠᠪᠤᠭ᠎ᠠ ᠤᠯᠠᠷᠢᠯ᠎ᠤᠨ ᠬᠥᠯ᠎ᠦᠨ ᠴᠢᠮᠡᠭᠡ᠎ᠶ᠋ᠢ ᠲᠤᠭᠤᠯᠭᠠᠨ᠂ ᠬᠠᠪ ᠬᠠᠯᠠᠭᠤᠬᠠᠨ ᠲᠡᠪᠡᠷᠢᠯᠲᠡ᠎ᠪᠡᠷ᠎ᠢᠶᠡᠨ ᠡᠩᠬᠦᠷᠡᠢᠯᠡᠨ ᠤᠶᠠᠰᠭᠠᠬᠤ᠎ᠨᠢ ᠬᠠᠮᠢᠭ᠎ᠠ ᠴᠤ᠌ ᠮᠤᠩᠳᠠᠬᠤ ᠦᠭᠡᠢ ᠬᠠᠢᠷ᠎ᠠ ᠬᠠᠨ ᠳᠡᠯᠡᠬᠡᠶ᠎ᠶ᠋ᠢᠨ ᠶᠠᠭᠤ ᠪᠦᠬᠦᠨ᠎ᠢ  ᠤᠶᠠᠰᠭᠠᠵᠤ᠂ ᠤᠶᠠᠷᠠᠭᠤᠯᠵᠤ᠂ ᠠᠮᠢᠯᠠᠯ ᠳᠠᠪᠠᠷᠠᠯ᠎ᠢ ᠶᠠᠭᠤᠮ᠎ᠠ ᠪᠣᠯᠭᠠᠨ᠎ᠳᠦ  ᠦᠭ᠌ᠭᠦᠭᠡᠵᠢᠬᠡᠨ ᠪᠡᠯᠡᠭ᠌ᠯᠡᠵᠦ᠍ ᠪᠠᠢᠳᠠᠭ ᠨᠢ ᠬᠥᠮᠦᠨ᠎ᠦ ᠠᠮᠢᠳᠤᠷᠠᠯ᠎ᠤᠨ ᠲᠤᠬᠠᠶ ᠣᠯᠠᠨ ᠣᠯᠠᠨ ᠵᠦᠢᠯᠡᠰ᠎ᠢ ᠪᠣᠳᠣᠭ᠍ᠳᠠᠭᠤᠯᠬᠤ ᠴᠤ᠌ ᠶᠤᠮ ᠪᠢᠯᠡ ᠳ᠋ᠡ᠃ ᠲᠡᠭᠡᠬᠦ᠌᠎ᠳᠦ ᠯᠡ ᠤᠳᠠᠯ ᠦᠭᠡᠢ ᠬᠠᠱᠢᠶᠠᠨ᠎ᠤ ᠮᠤᠬᠤᠷ᠂ ᠡᠷᠭᠢ ᠬᠤᠩᠬᠢᠯ᠂ ᠠᠭᠤᠯᠠ᠎ᠶᠢᠨ ᠬᠢᠷ᠎ᠠ᠂ ᠤᠢ᠎ᠶᠢᠨ ᠲᠥᠭᠡᠯ᠂ ᠪᠦᠬᠦᠢᠯᠡ ᠭᠠᠵᠠᠷ ᠤᠰᠤᠨ᠎ᠤ ᠵᠦᠭ ᠪᠦᠷᠢ᠎ᠡᠴᠡ ᠬᠠᠢᠯ᠎ᠤᠨ ᠴᠢᠮᠡᠭᠡ ᠱᠤᠷᠴᠢᠭᠢᠨᠡᠨ ᠬᠤᠷᠴᠢᠭᠢᠨᠠᠨ᠂ ᠭᠣᠷᠤᠬ᠎ᠠ ᠰᠤᠳᠠᠭ ᠪᠤᠯᠵᠤ ᠤᠷᠤᠰᠤᠨ ᠬᠥᠷᠥᠰᠥᠨ ᠳᠤᠤᠭᠤᠷ ᠭᠠᠵᠠᠷ᠎ᠤᠨ ᠰᠤᠳᠠᠯ᠎ᠢᠶᠠᠷ ᠭᠦᠶᠦᠯᠭᠡᠵᠦ᠍᠂ ᠠᠮᠢᠯᠠᠯ᠎ᠤᠨ ᠰᠠᠢᠬᠠᠨ ᠡᠷᠢᠨ᠎ᠤ ᠠᠮᠢᠳᠤ ᠶᠠᠪᠤᠬᠤ᠎ᠶᠢᠨ ᠱᠢᠮ᠎ᠡ ᠱᠢᠭᠦᠰᠦ᠎ᠶ᠋ᠢ ᠲᠥᠭᠡᠭᠡᠨ᠎ᠡ᠃

ᠬᠠᠪᠤᠷ᠎ᠤᠨ ᠴᠠᠰᠤ ᠪᠤᠯ ᠰᠠᠨᠰᠠᠷ ᠲᠡᠭ᠌ᠷᠢ᠎ᠡᠴᠡ ᠪᠠᠢᠭᠠᠯᠢ ᠳᠡᠯᠡᠬᠡᠢ ᠬᠦᠮᠦᠨ ᠠᠮᠢᠲᠠᠨ ᠵᠢᠴᠢ ᠱᠢᠮ᠎ᠡ ᠶᠢᠷᠲᠢᠨᠴᠦ᠍᠎ᠵᠢᠨ ᠶᠠᠭᠤ ᠪᠦᠬᠦᠨ᠎ᠳᠤ ᠵᠠᠪᠳᠤᠵᠤ ᠬᠦᠷᠭᠡᠭ᠌ᠰᠡᠨ ᠡᠷᠬᠢᠮᠰᠦᠭ ᠠᠷᠢᠭᠤᠨ ᠪᠡᠯᠡᠭ ᠎ᠤᠨ ᠬᠠᠪᠳᠠᠭ᠎ᠠ ᠶᠤᠮ ᠱᠢᠤ᠃ ᠠᠶᠠᠳᠠᠭᠤᠬᠠᠨ ᠳᠡᠯᠭᠡᠬᠦ᠌᠎ᠳᠤ ᠬᠥᠪᠡᠭᠡ ᠬᠢᠷᠬᠠᠭ ᠦᠭᠡᠢ᠂ ᠭᠬᠢᠷ ᠪᠤᠷᠳᠠᠭ ᠦᠭᠡᠢ ᠴᠡᠪᠡᠷ ᠴᠠᠭᠠᠨ ᠬᠠᠭᠤᠳᠠᠰᠤ ᠬᠠᠷᠠᠭᠠᠨ᠎ᠤ ᠡᠮᠦᠨ᠎ᠡ ᠴᠢᠨᠢ ᠰᠡᠬᠦᠭ᠌ᠳᠡᠨ ᠨᠡᠯᠡᠢᠵᠦ᠍᠂ ᠬᠦᠮᠦᠨ ᠠᠮᠢᠲᠠᠨ᠎ᠡᠴᠡ ᠡᠬᠢᠯᠡᠭᠡᠳ ᠡᠬᠡ ᠳᠡᠯᠡᠬᠡᠢ᠎ᠳᠤ ᠠᠮᠢᠰᠭᠤᠭ᠎ᠠ ᠲᠥᠭᠡᠭᠡᠭ᠌ᠰᠡᠨ ᠰᠠᠯᠬᠢ ᠬᠦᠷᠲᠡᠯ᠎ᠡ ᠬᠦᠰᠡᠯ ᠮᠥᠷᠥᠭᠡᠳᠦᠯ ᠎ᠢᠶᠠᠨ ᠵᠢᠷᠤᠭ᠍ᠯᠠᠨ ᠰᠡᠷᠡᠴᠢᠬᠡᠵᠦ᠍᠂ ᠠᠮᠢ ᠨᠠᠰᠤ ᠪᠡᠨ ᠵᠢᠷᠤᠭ᠍ᠯᠠᠨ ᠳᠥᠰᠥᠪᠯᠡᠬᠦ᠌ ᠰᠤᠷᠢᠭᠠᠨ᠎ᠤ ᠴᠤᠯᠭᠤᠢᠬᠠᠨ ᠳᠡᠯᠭᠡᠴᠡ ᠪᠤᠯᠤᠨ᠎ᠠ᠃ ᠲᠠ ᠬᠡᠴᠢᠨᠡᠨ ᠶᠠᠭᠠᠷᠠᠵᠤ᠂ ᠣᠢᠳᠭᠠᠷᠯᠠᠵᠤ᠂ ᠭᠤᠨᠢᠵᠤ ᠪᠠᠢᠭ᠍ᠰᠠᠨ᠎ᠴᠤ᠌ ᠥᠪᠡᠷ᠎ᠤᠨ᠎ᠶ᠋ᠢᠡᠨ ᠪᠤᠳᠤᠯ ᠰᠠᠨᠠᠭᠠᠨ᠎ᠤ ᠪᠡᠨ ᠬᠡᠯᠪᠡᠷᠢ ᠪᠡᠨ ᠲᠡᠭᠦᠨ ᠳᠡᠭᠡᠷ᠎ᠡ ᠵᠢᠷᠤᠭ᠍ᠯᠠᠭᠠᠷᠠᠢ᠃ ᠲᠡᠭᠡᠭ᠌ᠰᠡᠭᠡᠷ ᠲᠠ ᠱᠢᠨ᠎ᠡ ᠬᠦᠰᠡᠯ ᠪᠡᠶᠡᠯᠡᠯ᠎ᠶ᠋ᠢᠡᠨ ᠡᠷᠢᠨ ᠤᠯᠵᠤ᠂ ᠣᠢᠳᠬᠠᠷ ᠪᠤᠬᠢᠨᠢᠳᠤᠯ ᠴᠢᠨᠢ ᠲᠠᠯ᠎ᠠ᠎ᠶᠢᠨ ᠴᠠᠭᠠᠨ᠎ᠠ ᠣᠳᠴᠤ᠌᠂ ᠥᠪᠡᠷ᠎ᠤᠨ ᠬᠡᠯᠪᠡᠷᠢ ᠪᠡᠷ ᠠᠮᠢᠳᠤᠷᠠᠬᠤ ᠵᠥᠪ ᠬᠠᠨᠳᠤᠯᠭ᠎ᠠ ᠪᠡᠨ ᠤᠯᠤᠨ᠎ᠠ᠃ ᠬᠠᠷᠠᠭᠠᠴᠢ ᠳ᠋ᠠ᠂ ᠲᠠᠯ᠎ᠠ ᠬᠡᠭᠡᠷ᠎ᠡ᠎ᠶᠢᠨ ᠵᠢᠵᠢᠭ᠌ᠬᠡᠨ ᠪᠤᠯᠵᠤᠮᠤᠷ᠎ᠤᠳ᠎ᠴᠤ᠌ ᠪᠦᠷ ᠵᠠᠪᠳᠤᠭᠠᠳ ᠬᠦᠷᠦᠭᠡᠳ ᠢᠷᠡᠴᠢᠬᠡᠭ᠌ᠰᠡᠨ᠂ ᠵᠢᠷᠵᠢᠭᠢᠨᠡᠨ ᠱᠤᠯᠤᠭᠠᠨᠠᠵᠤ᠂ ᠬᠡᠨ᠎ᠴᠤ᠌ ᠣᠢᠯᠠᠭᠠᠬᠤ ᠦᠭᠡᠢ᠂ ᠭᠡᠪᠡᠴᠦ᠍ ᠬᠡᠨ᠎ᠳᠤ᠎ᠴᠤ᠌ ᠤᠬᠠᠵᠤ ᠰᠤᠪᠢᠭᠠᠳ ᠳᠠᠭᠤᠰᠤᠰᠢ ᠦᠭᠡᠢ ᠠᠮᠢ ᠨᠠᠰᠤᠨ᠎ᠤ ᠬᠥᠭ ᠠᠶᠠᠰ᠂ ᠠᠮᠢᠳᠤᠷᠠᠯ᠎ᠤᠨ ᠤᠬᠠᠭ᠎ᠠ ᠲᠡᠩᠬᠡᠭᠡ ᠰᠤᠶᠤᠷᠬᠠᠬᠤ ᠡᠷᠢᠯ ᠬᠠᠢᠯᠲᠠ᠎ᠶᠢᠨ ᠵᠢᠮ ᠵᠦᠷᠢᠭ᠎ᠶ᠋ᠢᠡᠨ ᠵᠢᠷᠤᠵᠤ᠂ ᠴᠦᠬᠦᠷᠡᠵᠦ᠍ ᠪᠤᠴᠠᠰᠢ ᠦᠭᠡᠢ ᠠᠮᠢᠳᠤᠷᠠᠬᠤ᠎ᠶᠢᠨ ᠦᠨ᠎ᠡ ᠥᠷᠳᠡᠭ᠎ᠶ᠋ᠢᠡᠨ ᠬᠠᠢᠵᠤ ᠪᠠᠢᠨ᠎ᠠ᠃ ᠶᠠᠭᠤᠲᠠᠢ ᠪᠠᠬᠠᠷᠬᠠᠯᠲᠠᠢ ᠪᠢᠯᠡ! ᠲᠡᠷᠡ ᠪᠦᠬᠦᠢᠯᠡ ᠰᠠᠢᠨ ᠰᠠᠢᠬᠠᠨ ᠬᠦᠰᠡᠯ ᠮᠥᠷᠥᠭᠡᠳᠦᠯ᠂ ᠡᠷᠢᠯ ᠵᠤᠷᠢᠯ ᠎ᠢ ᠴᠢᠨᠢ ᠠᠷᠢᠭᠤᠨ ᠳᠠᠭ᠍ᠰᠢᠨ ᠴᠠᠰᠤ ᠴᠡᠭᠡᠵᠢᠯᠡᠵᠦ᠍ ᠱᠢᠩᠭᠡᠭᠡᠵᠦ᠍ ᠠᠪᠤᠭᠠᠳ᠂ ᠭᠠᠵᠠᠷ ᠳᠡᠯᠡᠬᠡᠢ᠎ᠶᠢᠨ ᠬᠦᠢᠰᠦ ᠤᠷᠤᠭᠤ᠂ ᠡᠰᠡᠭᠦᠯ᠎ᠡ ᠠᠭᠠᠷ ᠤᠭ᠍ᠲᠠᠷᠭᠤᠢ᠎ᠶᠢᠨ ᠭᠦᠨ ᠵᠦᠭ ᠤᠳᠤᠨ᠎ᠠ᠃ ᠠᠯᠢ ᠪᠦᠬᠦᠨ ᠴᠢᠨᠢ ᠰᠡᠳᠭᠢᠯᠴᠢᠯᠡᠨ ᠪᠥᠲᠥᠵᠥ᠍ ᠠᠯᠠᠭᠠᠨ ᠳᠡᠭᠡᠷ᠎ᠡ ᠴᠢᠨᠢ ᠠᠷᠢᠭᠤᠨ ᠱᠢᠷᠬᠡᠭ᠌ᠲᠦ ᠴᠠᠰᠤᠨ ᠴᠡᠴᠡᠭ ᠱᠢᠭ ᠪᠠᠭᠤᠨ᠎ᠠ ᠱᠢᠤ!

ᠬᠠᠪᠤᠷ᠎ᠤᠨ ᠴᠠᠰᠤ ᠪᠤᠯ ᠶᠠᠭ ᠯᠡ ᠡᠵᠢ ᠬᠦᠮᠦᠨ᠎ᠤ ᠡᠯᠢᠭᠡ ᠵᠢᠷᠦᠬᠡᠨ᠎ᠡᠴᠡ ᠤᠨᠳᠤᠷᠤᠭ᠍ᠰᠠᠨ ᠱᠢᠮ᠎ᠡ ᠱᠦᠯᠲᠦ ᠶᠤᠮ᠃ ᠨᠠᠷᠠᠨ᠎ᠤ ᠱᠠᠯᠠᠭᠠᠨ᠎ᠳᠤ ᠤᠶᠠᠰᠤᠭ᠍ᠰᠠᠨ ᠬᠠᠢᠯ᠎ᠤᠨ ᠤᠰᠤ ᠭᠠᠵᠠᠷ ᠳᠡᠯᠡᠬᠡᠢ᠎ᠳᠡᠭᠡᠨ ᠴᠢᠭᠢᠭ ᠪᠤᠯᠵᠤ ᠪᠤᠮ ᠪᠤᠮᠠᠨ ᠦᠨᠳᠦᠰᠦᠨ᠎ᠳᠤ ᠱᠢᠮᠡᠯᠡᠨ ᠤᠷᠤᠰᠴᠤ᠌ ᠤᠷᠭᠤᠨ ᠲᠦᠯᠵᠢᠬᠦ᠌ ᠬᠦᠴᠦ᠍ ᠪᠤᠯᠵᠤ᠂ ᠴᠠᠰᠤᠨ ᠬᠦᠨᠵᠢᠯᠡ ᠳᠤᠤᠷ᠎ᠠ ᠵᠡᠭᠦᠷᠮᠡᠭ᠌ᠯᠡᠨ ᠱᠢᠨ᠎ᠡ ᠠᠮᠢ ᠨᠠᠰᠤ ᠪᠤᠯᠵᠤ᠂ ᠡᠬᠡ ᠭᠠᠵᠠᠷ ᠳᠡᠭᠡᠷ᠎ᠡ ᠰᠥᠶᠡᠯᠡᠨ ᠨᠠᠬᠢᠶᠠᠯᠠᠬᠤ ᠴᠠᠯ ᠨᠤᠭᠤᠭᠠᠨ ᠵᠡᠭᠦᠳᠦ ᠮᠠᠨᠠᠭ᠍ᠰᠠᠨ ᠳᠡᠳᠡᠭᠡᠷ ᠵᠢᠵᠢᠭ ᠵᠢᠵᠢᠭ᠌ᠬᠡᠨ ᠠᠮᠢᠵᠢᠷᠠᠯ᠎ᠤᠨ ᠬᠦᠴᠦᠨ  ᠳᠤᠷᠪᠢ᠎ᠶ᠋ᠢ ᠨᠠᠷᠠᠨ᠎ᠤ ᠳᠤᠤᠷ᠎ᠠ ᠳᠠᠯᠠᠯᠤᠨ ᠥᠨᠳᠡᠢᠯᠭᠡᠨ᠎ᠡ᠃ ᠥᠷᠯᠥᠭᠡ ᠪᠤᠰᠭᠤ᠎ᠳᠤ ᠰᠠᠷᠠᠪᠴᠢᠨ᠎ᠡᠴᠡ ᠤᠨᠵᠢ᠌ᠭ᠍ᠰᠠᠨ ᠮᠥᠰᠥᠨ ᠮᠥᠬᠥᠭᠡᠯᠳᠡᠰᠦ ᠳᠤᠯᠠᠰᠤᠨ ᠱᠢᠪᠡᠬᠦ᠌ ᠨᠠᠷᠠᠨ᠎ᠤ ᠢᠯᠴᠢᠨ᠎ᠳᠤ ᠡᠵᠢ ᠳ᠋ᠡᠭᠡᠨ ᠡᠷᠬᠡᠯᠡᠭ᠌ᠰᠡᠨ ᠬᠥᠭᠡᠷᠥᠬᠥᠨ ᠬᠡᠦᠬᠡᠳ᠎ᠤᠨ ᠨᠢᠯᠪᠤᠰᠤ ᠰᠢ᠍ᠭ ᠤᠶᠠᠷᠠᠨ ᠳᠤᠰᠤᠯᠠᠵᠤ ᠡᠬᠡ ᠬᠥᠷᠥᠰᠥᠨ᠎ᠳᠤ ᠱᠢᠮᠡᠳᠦᠨ᠎ᠡ᠃ ᠭᠡᠬᠦ᠌᠎ᠳᠡᠭᠡᠨ ᠲᠡᠷᠡ ᠮᠢᠩᠭ᠎ᠠ ᠮᠢᠩᠭᠠᠨ ᠬᠥᠪᠥᠷᠡᠯ ᠨᠠᠬᠢᠶ᠎ᠠ᠎ᠶ᠋ᠢ ᠤᠮᠳᠠᠯᠠᠨ᠎ᠠ᠃ ᠥᠷ ᠶ᠋ᠢᠡᠷ ᠰᠡᠷᠡᠭᠡᠳ ᠳᠡᠭ᠌ᠳᠡᠵᠦ᠍ ᠤᠳᠤᠭ᠍ᠰᠠᠨ ᠮᠥᠩᠭᠥᠨ ᠬᠥᠯᠮᠥᠭ ᠬᠦᠱᠢᠭᠡᠯᠡᠨ ᠱᠤᠤᠭᠢᠬᠤ ᠪᠤᠷᠤᠭ᠎ᠠ ᠪᠤᠯᠤᠨ ᠠᠰᠭᠠᠷᠠᠵᠤ᠂ ᠡᠬᠡ ᠳᠡᠯᠡᠬᠡᠢ᠎ᠳᠤ ᠨᠤᠭᠤᠭᠠᠨ ᠬᠡᠪᠡᠨᠡᠭ ᠡᠮᠦᠰᠭᠡᠨ᠎ᠡ᠃ ᠲᠡᠢᠨ᠎ᠬᠦ᠌ ᠬᠠᠪᠤᠷ᠎ᠤᠨ ᠴᠠᠰᠤ ᠳᠠᠳᠠᠷᠠᠰᠢ ᠦᠭᠡᠢ ᠠᠮᠢᠵᠢᠷᠠᠯ ᠎ᠤᠨ ᠤᠭ᠍ᠵᠢ ᠪᠤᠯᠵᠤ ᠡᠪᠡᠰᠦ ᠮᠤᠳᠤ᠎ᠶ᠋ᠢ ᠤᠷᠭᠤᠭᠤᠯᠵᠤ ᠳᠦᠯᠵᠢᠭᠦᠯᠦᠨ ᠵᠢᠭᠦᠷᠳᠡᠨ᠎ᠤ ᠥᠯᠥᠭᠡᠢ ᠪᠤᠯᠭᠠᠵᠤ᠂ ᠥᠰᠭᠡᠨ ᠦᠷᠡᠵᠢᠭᠦᠯᠦᠨ ᠨᠠᠮᠤᠷ ᠵᠦᠭ ᠵᠢᠳᠬᠦᠭᠦᠯᠦᠨ᠎ᠡ᠃ ᠬᠦᠮᠦᠨ᠎ᠤ ᠠᠮᠢᠳᠤᠷᠠᠯ᠎ᠴᠤ᠌ ᠡᠭᠦᠨ᠎ᠡᠴᠡ ᠥᠭᠡᠷ᠎ᠡ ᠨᠢ ᠶᠠᠭᠤ ᠪᠤᠢ!ᠬᠠᠪᠤᠷ᠎ᠤᠨ ᠬᠠᠢᠯ ᠰᠢ᠍ᠬ ᠡᠬᠡ ᠬᠦᠮᠦᠨ᠎ᠤ ᠰᠦᠨ ᠤᠨᠳᠤᠷᠤᠭ᠎ᠠ᠎ᠳᠤ ᠦᠷ᠎ᠡ ᠬᠡᠦᠬᠡᠳ ᠨᠢ ᠥᠰᠥᠨ ᠬᠦᠷᠦᠪᠡᠵᠢᠵᠦ᠍ ᠂ ᠠᠮᠢ ᠠᠮᠢᠵᠢᠷᠠᠯ᠎ᠤᠨ ᠤᠷᠳᠤ᠎ᠶᠢᠨ ᠤᠷᠳᠤ ᠠᠶᠠᠨ᠎ᠳᠤ ᠵᠢᠳᠬᠦᠨ᠎ᠡ᠃ ᠭᠡᠬᠦ᠌᠎ᠳᠡᠭᠡᠨ ᠲᠡᠷᠡ ᠬᠦ᠌ ᠠᠶᠠᠨ᠎ᠤ ᠴᠥᠷᠬᠡᠭᠡ ᠨᠢ ᠬᠤᠷᠸ᠎ᠠ᠎ᠶᠢᠨ ᠳᠦᠷᠪᠡᠨ ᠴᠠᠭ ᠰᠢᠬ ᠠᠳᠠᠯᠢ ᠪᠤᠰᠤ᠎ᠶᠢᠨ ᠥᠩᠭᠡ ᠪᠤᠳᠤᠭ᠎ᠶ᠋ᠢᠡᠷ ᠢᠯᠭᠠᠷᠠᠵᠤ ᠤᠳᠤᠮ ᠵᠠᠯᠭᠠᠵᠤ ᠬᠤᠢᠴᠢ ᠪᠡᠨ ᠦᠯᠡᠳᠡᠭᠡᠳᠡᠭ ᠶ᠋ᠢᠡᠷ ᠶ᠋ᠢᠡᠨ ᠪᠠᠢᠭᠠᠯᠢ᠎ᠶ᠋ᠢᠨ ᠲᠦᠮᠡᠨ ᠪᠤᠳᠠᠰ᠎ᠡᠴᠡ ᠢᠯᠭᠠᠭ᠎ᠠ ᠨᠢ ᠶᠠᠭᠤ ᠪᠠᠢᠬᠤ ᠪᠢᠯᠡ!

ᠬᠠᠪᠤᠷ ᠎ᠤᠨ ᠴᠠᠰᠤ ᠪᠤᠯ ᠣᠨ ᠵᠢᠯ᠎ᠤᠨ ᠤᠳᠤᠷᠢᠳᠭᠠᠯ᠂ ᠳᠠᠰᠤᠷᠠᠯᠳᠠ ᠦᠭᠡᠢ ᠡᠬᠢᠯᠡᠯᠲᠡ ᠶᠤᠮ᠃ ᠬᠤᠷᠸ᠎ᠠ ᠤᠷᠴᠢᠯᠠᠩ᠎ᠳᠤ ᠬᠡᠴᠢᠨᠡᠨ᠎ᠴᠤ᠌ ᠤᠳᠠᠭᠠᠨ᠎ᠤ ᠬᠠᠪᠤᠷ᠎ᠤᠨ ᠴᠠᠰᠤ ᠤᠨᠠᠵᠤ᠂ ᠬᠠᠢᠯᠵᠤ ᠠᠭᠤᠷᠱᠢᠨ ᠤᠳᠴᠤ᠌ ᠪᠠᠢᠭ᠍ᠰᠠᠨ᠎ᠴᠤ᠌  ᠵᠢᠯ ᠪᠦᠷᠢ ᠤᠷᠢᠨ ᠴᠠᠭ᠎ᠤᠨ᠎ᠶ᠋ᠢᠡᠨ ᠤᠭ᠍ᠳᠤᠭᠠᠯ ᠪᠤᠯᠵᠤ᠂ ᠬᠠᠪᠤᠷ᠎ᠤᠨ ᠴᠠᠰᠤ ᠨᠢ ᠪᠠᠭᠤᠵᠤ ᠯᠡ ᠪᠠᠢᠭ᠍ᠰᠠᠨ ᠪᠢᠵᠡ! ᠲᠡᠭᠡᠬᠦ᠌᠎ᠳᠡᠭᠡᠨ ᠥᠩᠭᠡᠷᠡᠵᠦ᠍ ᠤᠳᠤᠭ᠍ᠰᠠᠨ ᠤᠨ ᠵᠢᠯ ᠬᠢᠭᠡᠳ ᠬᠦᠮᠦᠨ᠎ᠤ ᠠᠮᠢᠳᠤᠷᠠᠯ᠎ᠤᠨ ᠵᠤᠪᠠᠯ ᠵᠦᠳᠡᠭᠦᠷᠢ ᠣᠢᠳᠬᠠᠷ ᠭᠤᠨᠢᠭ᠎ᠢ ᠠᠷᠴᠢᠵᠤ᠂ ᠤᠩᠭᠤᠨ ᠪᠠᠢᠭᠠᠯᠢ᠎ᠶᠢᠨ ᠡᠷᠴᠢ ᠬᠦᠴᠦᠨ᠎ᠢ ᠰᠡᠯᠪᠢᠵᠦ᠍᠂ ᠬᠦᠮᠦᠨ᠎ᠤ ᠤᠶᠤᠨ ᠰᠠᠨᠠᠭᠠᠨ᠎ᠳᠤ ᠠᠨᠠᠭᠠᠯᠲᠠ ᠲᠠᠢᠪᠤᠱᠢᠷᠠᠯ᠎ᠢ ᠤᠯᠭᠤᠳᠠᠭ ᠪᠠᠢᠭ᠍ᠰᠠᠨ᠎ᠢ ᠬᠡᠨ᠎ᠴᠤ᠌ ᠥᠯᠥ᠍ ᠲᠤᠭᠤᠮᠰᠠᠷᠯᠠᠵᠤ ᠴᠢᠳᠠᠬᠤ ᠪᠢᠯᠡ᠃ ᠬᠠᠪᠤᠷ᠎ᠤᠨ ᠠᠩᠬᠠᠨ᠎ᠤ ᠴᠠᠰᠤᠨ ᠳᠤᠮᠳᠠᠭᠤᠷ ᠠᠯᠠᠭ᠎ᠠ ᠳᠤᠰᠤᠨ ᠶᠠᠪᠤᠵᠤ ᠬᠤᠷᠮᠤᠰᠲᠠ᠎ᠶᠢᠨ ᠤᠷᠠᠨ ᠭᠠᠷ ᠶ᠋ᠢᠡᠷ ᠰᠡᠢᠯᠪᠤᠷᠢᠯᠡᠭ᠌ᠰᠡᠨ ᠴᠠᠰᠤᠨ ᠴᠡᠴᠡᠭ᠎ᠢ ᠦᠬᠦᠭᠡᠷᠳᠦᠨ ᠠᠪᠴᠤ᠌ ᠠᠵᠢᠭ᠍ᠯᠠᠬᠤ᠎ᠳᠠᠭᠠᠨ ᠪᠢ ᠰᠡᠳᠭᠢᠯ ᠳᠤᠳᠤᠷ᠎ᠠ ᠪᠡᠨ ᠲᠡᠷᠡ᠎ᠬᠦ᠌ ᠤᠯᠠᠨ ᠵᠠᠭᠤᠨ ᠵᠢᠯ᠎ᠤᠨ ᠡᠮᠦᠨᠡᠬᠢ ᠴᠠᠰᠤᠨ ᠴᠡᠴᠡᠭ᠎ᠤᠨ ᠭᠠᠯᠪᠢᠷ ᠲᠦᠷᠬᠦ᠌ ᠨᠢ ᠡᠭᠡᠭᠡ ᠯᠡ ᠠᠳᠠᠯᠢᠬᠠᠨ ᠪᠠᠢᠭ᠍ᠰᠠᠨ ᠦᠦ ?ᠠᠯᠢ ᠡᠰᠡᠭᠦᠯ᠎ᠡ ᠡᠨᠡ ᠬᠠᠪᠤᠷ᠎ᠤᠨ ᠴᠠᠰᠤᠨ ᠯᠠᠪᠰᠠ ᠨᠢ ᠲᠦᠷᠦᠭᠦᠤ ᠵᠢᠯ᠎ᠤᠨ ᠬᠢ ᠲᠠᠢ ᠪᠡᠨ ᠠᠳᠠᠯᠢ᠂ ᠲᠡᠷᠡ ᠮᠥᠷᠳᠡᠭᠡᠨ ᠲᠡᠭᠦᠨ᠎ᠤ ᠳᠠᠬᠢᠨ ᠳᠠᠪᠲᠠᠯᠲᠠ ᠪᠠᠢᠭ᠍ᠰᠠᠨ ᠭᠡᠵᠦ᠍ ᠦᠦ? ᠭᠡᠵᠦ᠍ ᠪᠤᠳᠤᠭᠠᠳ ᠥᠪᠡᠷ᠎ᠢ ᠎ᠪᠠᠨ《 ᠠᠤᠭ᠎ᠠ ᠶᠡᠬᠡ ᠭᠦᠨ ᠤᠬᠠᠭᠠᠨᠳᠠᠳ ᠲᠠᠢ ᠲᠠᠭ᠍ᠰᠠᠯ ᠬᠠᠶᠠᠵᠤ ᠪᠠᠢᠬᠤ ᠴᠢᠨᠢ ᠡᠨᠡ ᠦᠦ?》 ᠭᠡᠵᠦ᠍ ᠳᠤᠳᠤᠷ᠎ᠠ ᠪᠡᠨ ᠵᠢᠮᠡᠯᠡᠯ᠎ᠡ᠃ 《 ᠭᠡᠬᠦ᠌ ᠳ᠋ᠡᠭᠡᠨ ᠤᠨ ᠪᠦᠷᠢ ᠶ᠋ᠢᠨ ᠬᠠᠪᠤᠷ ᠎ᠤᠨ ᠴᠠᠰᠤ ᠬᠡᠴᠢᠨᠡᠨ ᠎ᠴᠤ᠌ ᠬᠦᠮᠦᠨ᠎ᠤ ᠰᠡᠳᠭᠢᠯ᠎ᠳᠤ ᠳᠤᠷᠠᠰᠤᠯ ᠮᠥᠷᠥᠭᠡᠳᠦᠯ ᠦᠯᠡᠳᠡᠭᠡᠨ ᠬᠡᠴᠢᠨᠡᠨ᠎ᠴᠤ᠌ ᠬᠦᠮᠦᠨ᠎ᠢ ᠤᠨᠳᠠᠷᠠᠰᠢ ᠦᠭᠡᠢ ᠰᠠᠢᠨ ᠰᠠᠢᠬᠠᠨ ᠮᠥᠷᠥᠭᠡᠳᠦᠯ ᠵᠦᠭ ᠤᠷᠤᠭ᠍ᠰᠢ ᠠᠯᠬᠤᠬᠤ ᠮᠦᠷ᠎ᠶ᠋ᠢᠡᠨ ᠵᠠᠰᠠᠵᠤ᠂ ᠰᠡᠳᠭᠢᠯ ᠶ᠋ᠢᠡᠨ ᠭᠡᠭᠡᠯᠡᠬᠦ᠌᠎ᠳᠤᠨᠢ ᠠᠨᠢᠷ ᠦᠭᠡᠢ᠎ᠶᠢᠨ ᠴᠠᠭᠠᠨ᠎ᠠ᠎ᠡᠴᠡ ᠳᠠᠭᠤᠰᠤᠰᠢ ᠦᠭᠡᠢ ᠰᠡᠳᠭᠢᠯ᠎ᠤᠨ ᠲᠡᠩᠭᠡᠭᠡ ᠰᠡᠯᠪᠢᠬᠦ᠌ ᠶᠠᠭᠤ ᠨᠢᠭᠡᠨ ᠦᠭᠡ᠎ᠶ᠋ᠢ ᠱᠢᠪᠡᠨᠡᠵᠦ᠍ ᠪᠠᠢᠭ᠍ᠰᠠᠨ ᠪᠤᠯ ᠳᠠ!》 ᠭᠡᠵᠦ᠍ ᠡᠷᠢᠶᠡᠪᠡᠷ ᠬᠤᠷᠢᠶᠠᠪᠠᠷ ᠤᠯᠠᠨ ᠶᠠᠭᠤᠮ᠎ᠠ᠎ᠶ᠋ᠢ ᠪᠤᠳᠤᠵᠤ ᠪᠢᠯᠡ᠃ ᠬᠦᠮᠦᠨ ᠪᠠᠢᠭᠠᠯᠢ᠎ᠵᠢᠨ ᠲᠤᠬᠠᠢ ᠤᠢᠯᠭᠠᠯᠲᠠ ᠰᠡᠷᠡᠭ᠌ᠳᠡᠯ ᠮᠠᠨᠢ ᠨᠢᠮᠭᠡᠨ ᠪᠠᠢᠭ᠍ᠰᠠᠨ᠎ᠢᠶᠠᠨ ᠨᠠᠰᠤ ᠵᠢᠯ᠎ᠤᠨ ᠨᠡᠮᠡᠭ᠌ᠳᠡᠬᠦ᠌᠎ᠶ᠋ᠢ ᠳᠠᠭᠠᠯᠳᠤᠨ ᠤᠬᠠᠭᠠᠨ ᠪᠢᠯᠢᠭ᠎ᠤᠨ ᠲᠡᠯᠡᠭ᠌ᠳᠡᠬᠦ᠌᠎ᠶ᠋ᠢ ᠳᠤᠯᠳᠤᠢᠳᠠᠨ ᠮᠠᠰᠢ ᠭᠦᠨᠵᠡᠭᠡᠢ ᠲᠠᠨᠢᠯᠲᠠ ᠲᠠᠢ ᠪᠤᠯᠤᠭ᠍ᠰᠠᠨ ᠮᠢᠨᠢ ᠦᠨᠡᠨ᠃ ᠬᠦᠮᠦᠨ ᠪᠤᠯ ᠡᠬᠢᠯᠡᠬᠦ᠌᠎ᠡᠴᠡ ᠲᠡᠭᠦᠰᠭᠦ ᠬᠦᠷᠲᠡᠯ᠎ᠡ ᠪᠠᠢᠭᠠᠯᠢ᠎ᠶᠢᠨ ᠬᠢ᠃ ᠮᠠᠨ᠎ᠤ ᠤᠷᠤᠱᠢᠨ ᠠᠮᠢᠳᠤᠷᠠᠬᠤ ᠤᠷᠴᠢᠨ ᠪᠠᠢᠭᠠᠯᠢ ᠮᠢᠨᠢ ᠠᠮᠢᠳᠤᠷᠠᠯ᠎ᠤᠨ ᠮᠢᠨᠢ ᠡᠯ᠎ᠡ ᠳᠤᠭ᠍ᠳᠠᠯᠴᠠᠭ᠎ᠠ ᠎ᠶ᠋ᠢ ᠵᠤᠬᠢᠴᠠᠭᠤᠯᠵᠤ ᠪᠠᠢᠳᠠᠭ ᠭᠡᠳᠡᠭ᠎ᠲᠤ ᠪᠢ ᠥᠨᠥᠳᠥᠷ ᠶᠠᠭ ᠦᠭᠡᠢ ᠢᠳᠡᠬᠡᠵᠦ᠍ ᠡᠬᠢᠯᠡᠭ᠌ᠰᠡᠨ ᠰᠠᠨ᠃ ᠵᠥᠪ ᠪᠤᠳᠤᠯ ᠦᠨᠡᠨ ᠴᠠᠢᠯᠭᠠᠨ ᠰᠡᠳᠭᠢᠯ᠎ᠤᠨ ᠮᠢᠨᠢ ᠠᠷ ᠰᠢᠬ ᠬᠠᠪᠤᠷ᠎ᠤᠨ ᠴᠠᠰᠤ ᠤᠨ ᠪᠦᠷᠢ ᠨᠠᠳᠠ᠎ᠳᠤ ᠭᠬᠢᠷ ᠦᠭᠡᠢ ᠡᠷᠬᠢᠮᠰᠦᠭ ᠳᠥᠷᠥᠭ᠌ᠳᠡᠯ ᠤᠯᠭᠤᠵᠤ᠂ ᠪᠢ ᠲᠡᠭᠦᠨ ᠳᠡᠭᠡᠭᠦᠷ ᠵᠢᠷᠦᠬᠡᠨ᠎ᠤ ᠪᠡᠨ ᠦᠨᠡᠨ ᠬᠡᠯᠪᠡᠷᠢ᠎ᠶ᠋ᠢ ᠵᠢᠷᠤᠵᠤ᠂《ᠰᠠᠢᠬᠠᠨ ᠮᠥᠷᠥᠭᠡᠳᠦᠯ ᠨᠠᠳᠠ᠎ᠳᠤ᠂ ᠴᠢᠮ᠎ᠠ᠎ᠳᠤ ᠪᠦᠬᠦ᠌ ᠬᠦᠮᠦᠨ᠎ᠳᠤ ᠪᠤᠷᠬᠠᠨ᠎ᠤ ᠪᠡᠯᠡᠭ ᠱᠢᠭ ᠢᠷᠡᠨ᠎ᠡ》 ᠭᠡᠳᠡᠭ᠎ᠢ ᠱᠢᠪᠱᠢᠬᠦ᠌ ᠶᠠᠭᠤᠲᠠᠢ ᠭᠤᠶᠤ ᠪᠢᠯᠡ᠃

ᠬᠠᠪᠤᠷ᠎ᠤᠨ ᠴᠠᠰᠤ ᠎ᠶ᠋ᠢ ᠬᠤᠴᠤᠷᠭᠠᠵᠤ ᠳᠡᠢᠯᠬᠦ᠌ ᠦᠭᠡᠢ ᠪᠤᠯᠪᠠᠴᠤ᠌ ᠬᠠᠮᠤᠭ ᠭᠤᠢᠳᠠᠬᠠᠨ ᠳᠤᠷᠠᠰᠤᠮᠵᠢ ᠬᠢᠭᠡᠳ ᠬᠦᠰᠡᠯ ᠮᠥᠷᠥᠭᠡᠳᠦᠯ᠎ᠢᠶᠠᠨ ᠪᠢᠳᠡ ᠡᠪᠦᠷᠯᠡᠵᠦ᠍ ᠠᠮᠢᠳᠤᠷᠠᠨ᠎ᠠ᠃ ᠥᠷᠯᠥᠭᠡ ᠪᠦᠷᠢ ᠡᠷᠳᠡᠯᠡᠨ ᠪᠤᠰᠴᠤ᠌ ᠨᠠᠷᠠ᠎ᠶ᠋ᠢ ᠤᠭ᠍ᠳᠤᠵᠤ ᠱᠢᠨᠡᠬᠡᠨ ᠴᠡᠩᠬᠡᠭ ᠠᠭᠠᠷ᠎ᠢ ᠴᠡᠭᠡᠵᠢ ᠳᠦᠭᠦᠷᠡᠩ ᠠᠮᠢᠰᠭᠤᠵᠤ᠂ ᠱᠢᠨ᠎ᠡ ᠨᠢᠭᠡᠨ ᠡᠳᠦᠷ ᠶ᠋ᠢᠡᠨ ᠥᠭᠡᠳᠡ ᠲᠠᠢ ᠥᠩᠭᠡ ᠲᠠᠢ ᠪᠠᠶᠠᠷ ᠬᠥᠷ ᠲᠠᠢ ᠂ ᠤᠳᠭ᠎ᠠ ᠠᠭᠤᠯᠭ᠎ᠠ ᠲᠠᠢ ᠥᠩᠭᠡᠷᠡᠭᠡᠨ᠎ᠡ ᠭᠡᠵᠦ᠍ ᠤᠮᠤᠭ ᠪᠠᠬᠠᠳᠤᠯ ᠲᠥᠷᠥᠳᠡᠭ ᠱᠢᠭ ᠵᠢᠯ ᠪᠦᠷᠢ᠎ᠶᠢᠨ ᠬᠠᠪᠤᠷ᠎ᠤᠨ ᠠᠩᠬᠠᠨ᠎ᠤ ᠴᠠᠰᠤᠨ ᠳᠤᠮᠳᠠ ᠬᠤᠷᠸ᠎ᠠ ᠡᠵᠢ ᠶ᠋ᠢᠨ ᠶ᠋ᠢᠡᠨ ᠭᠠᠢᠬᠠᠮᠱᠢᠭ᠍ᠳᠤ ᠪᠥᠲᠥᠭᠡᠯ᠎ᠢ ᠠᠯᠠᠭᠠᠨ ᠳ᠋ᠠᠭᠠᠨ ᠳᠤᠰᠴᠤ᠌᠂ ᠠᠮᠠᠨ᠎ᠳᠠᠭᠠᠨ ᠱᠢᠮᠡᠬᠦ᠌ ᠳ᠋ᠡᠭᠡᠨ ᠢᠷᠡᠬᠦ᠌ ᠨᠢᠭᠡᠨ ᠵᠢᠯ᠎ᠳᠤ ᠠᠮᠢᠳᠤᠷᠠᠯ᠎ᠳᠠᠭᠠᠨ ᠰᠠᠢᠨ᠎ᠤ ᠦᠢᠯᠡ᠎ᠶ᠋ᠢ ᠪᠥᠲᠥᠭᠡᠵᠦ᠍ ᠢᠷᠡᠭ᠌ᠰᠡᠨ᠎ᠤ ᠬᠠᠷᠢᠭᠤ᠎ᠳᠤ ᠠᠯᠢᠪᠠ ᠵᠦᠢᠯ ᠨᠡᠩ ᠰᠠᠢᠨ ᠪᠤᠯᠤᠨ᠎ᠠ ᠭᠡᠵᠦ᠍ ᠰᠡᠳᠭᠢᠯ᠎ᠳᠡᠭᠡᠨ ᠯᠠᠪ ᠪᠤᠳᠤᠵᠤ ᠪᠠᠢᠳᠠᠭ ᠪᠢᠯᠡ᠃ ᠠᠷᠠᠳ᠎ᠤᠨ ᠦᠭᠡᠨ᠎ᠳᠤ《 ᠰᠠᠢᠨ ᠬᠠᠪᠤᠷ ᠴᠠᠰᠤ ᠲᠠᠢ᠂ ᠮᠠᠭᠤ ᠨᠠᠮᠤᠷ ᠪᠤᠷᠤᠭᠠᠨ ᠲᠠᠢ》ᠭᠡᠳᠡᠭ᠎ᠴᠤ᠌ ᠠᠯᠢ ᠨᠢᠭᠡ ᠵᠢᠯ ᠨᠢ ᠴᠠᠰᠤ ᠳᠤᠳᠠᠬᠤ᠎ᠶ᠋ᠢ ᠪᠢᠳᠡ ᠭᠠᠵᠠᠷ ᠳᠡᠯᠡᠬᠡᠢ᠎ᠡᠴᠡ ᠪᠡᠨ ᠶᠠᠭᠠᠬᠢᠵᠤ ᠠᠰᠠᠭᠤᠬᠤ ᠪᠢᠯᠡ᠃ ᠶᠠᠭᠤᠲᠠᠢ ᠴᠤ᠌ ᠭᠡᠰᠡᠨ ᠴᠠᠰᠤ ᠰᠠᠢᠬᠠᠨ ᠪᠠᠭᠤᠯ᠎ᠠ᠃ ᠤᠳᠠᠯ ᠦᠭᠡᠢ ᠬᠦᠨᠳᠡᠢ ᠲᠠᠯ᠎ᠠ᠎ᠶᠢᠨ ᠵᠠᠬ᠎ᠠ᠎ᠡᠴᠡ ᠠᠪᠤᠨ ᠨᠤᠭᠤᠭᠠᠨ᠎ᠤ ᠬᠥᠭᠡᠩᠬᠢ ᠳᠠᠳᠠᠵᠤ᠂ ᠴᠡᠩᠬᠡᠷ ᠤᠨᠢᠶᠠᠷ ᠬᠦᠱᠢᠭ᠌ᠡᠯᠡᠨ ᠵᠢᠷᠪᠢᠭᠢᠨᠡᠵᠦ᠍᠂ ᠮᠠᠯ᠎ᠤᠨ ᠨᠢᠷᠤᠭᠤ ᠲᠡᠨᠢᠢᠵᠦ᠍᠂ ᠮᠠᠯᠴᠢᠨ᠎ᠤ ᠬᠤᠳᠠ᠎ᠳᠤ ᠱᠢᠨᠡᠬᠡᠨ ᠲᠦᠯ ᠎ᠤᠳ᠎ᠤᠨ ᠨᠢᠷᠠᠢ ᠳᠠᠭᠤᠨ ᠡᠩᠬᠡ ᠬᠠᠪᠤᠷ᠎ᠤᠨ ᠡᠬᠡᠱᠢᠭ᠌ᠯᠡᠩ ᠪᠤᠯᠵᠤ ᠳᠠᠭᠤᠷᠢᠰᠤᠨ᠎ᠠ᠃ ᠥᠷ ᠰᠦᠨᠢ ᠪᠡᠷ ᠪᠤᠰᠤᠭᠠᠳ ᠮᠠᠯ᠎ᠳᠠᠭᠠᠨ ᠶᠠᠪᠤᠬᠤ ᠮᠠᠯᠴᠢᠨ ᠬᠦᠮᠦᠨ ᠬᠠᠶᠠᠭ᠍ᠰᠠᠨ ᠤᠷᠭ᠎ᠠ ᠪᠡᠨ ᠡᠷᠢᠭᠡᠳ ᠤᠯᠬᠤ ᠦᠭᠡᠢ ᠪᠤᠯᠵᠤ᠂ ᠬᠤᠳᠠᠯ ᠬᠡᠯᠡᠭ᠌ᠰᠡᠨ ᠬᠡᠮᠡᠷᠬᠡᠨ ᠬᠤᠰᠤᠨ ᠤᠷᠭ᠎ᠠ ᠰᠡᠷᠪᠡᠯᠵᠡᠭ᠌ᠰᠡᠨ ᠨᠤᠭᠤᠭᠠᠨ᠎ᠳᠤ ᠪᠦᠳᠡᠭ᠌ᠰᠡᠨ ᠬᠠᠷᠠᠭ᠍ᠳᠠᠬᠤ ᠪᠠᠢᠬᠤ ᠡ᠃ 《ᠴᠠᠰᠤᠨ ᠳᠡᠭᠡᠷ᠎ᠡ ᠮᠦᠷ ᠲᠠᠢ᠂ ᠴᠠᠭᠠᠰᠤᠨ ᠳᠡᠭᠡᠷ᠎ᠡ ᠨᠡᠷ᠎ᠡ ᠲᠠᠢ》 ᠶᠠᠪᠤᠬᠤ ᠴᠢᠨᠢ ᠬᠡᠴᠢᠨᠡᠨ᠎ᠴᠤ᠌ ᠠᠵᠠ ᠪᠤᠢ!

    ᠴᠠᠰᠤ᠂ ᠮᠦᠷ ᠂ ᠨᠢᠭᠡ ᠂ ᠬᠤᠶᠠᠷ ᠁



ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号