ᠲᠡᠯᠭᠡᠷᠡᠬᠦ᠌ ᠬᠠᠪᠤᠷ
2026-04-22 16:41:33
ᠵᠣᠬᠢᠶᠠᠭ᠍ᠴᠢ᠄
ᠵ᠊·ᠪᠦᠷᠢᠨ
ᠣᠩᠱᠢᠭ᠍ᠰᠠᠨ ᠣᠳᠠᠭ᠎ᠠ᠄
★★★☆☆

ᠲᠤᠨᠤᠷᠠᠴᠢᠬᠠᠭ᠍ᠰᠠᠨ ᠬᠡᠤᠬᠡᠨ᠎ᠤ ᠨᠢᠳᠦ᠍᠎ᠬᠤᠩᠭᠤᠷ᠎ᠢᠶᠠᠨ ᠬᠦᠯᠢᠶᠡᠬᠦ᠌ ᠱᠢᠭ

ᠮᠦᠱᠢᠶᠡᠴᠢᠬᠡᠭ᠌ᠰᠡᠨ ᠡᠨᠡ ᠬᠠᠪᠤᠷ

ᠲᠤᠶᠠᠭᠠᠷᠠᠴᠢᠬᠠᠭ᠍ᠰᠠᠨ ᠬᠠᠴᠠᠷ ᠴᠢᠨᠢ ᠭᠡᠷᠡᠯᠳᠦᠭᠡᠳ ᠨᠠᠮᠠᠶ᠋ᠢ ᠲᠠᠯᠠᠯᠬᠤ ᠱᠢᠭ᠋

ᠪᠦᠱᠦᠭᠦᠷᠬᠡᠴᠢᠬᠡᠭ᠌ᠰᠡᠨ ᠡᠭᠡᠯᠢᠳᠠᠢ ᠬᠠᠪᠤᠷ

ᠲᠤᠭ᠍ᠯᠠᠴᠢᠬᠠᠭ᠍ᠰᠠᠨ ᠵᠡᠷᠭᠡᠯᠭᠡᠨ᠎ᠢ ᠲᠠᠭᠤᠬᠤ᠎ᠳᠤ ᠲᠤᠳᠠᠭᠠᠭᠠᠳ ᠯᠠ

ᠨᠠᠮᠢᠷᠠᠴᠢᠬᠠᠭ᠍ᠰᠠᠨ ᠤᠷᠢᠬᠠᠨ ᠬᠠᠪᠤᠷ

ᠲᠡᠭᠡᠰᠦᠯᠡᠨ ᠢᠷᠡᠬᠦ᠌ ᠱᠢᠪᠠᠭᠤᠳ ᠠᠯᠤᠰ᠎ᠠᠴᠠ ᠬᠠᠳᠠᠭ ᠲᠠᠳᠠᠨ

ᠮᠢᠷᠠᠯᠵᠠᠴᠢᠬᠠᠭ᠍ᠰᠠᠨ ᠮᠡᠨᠳᠦᠴᠢᠯᠡᠬᠦ᠌ ᠬᠠᠪᠤᠷ

ᠲᠤᠪᠤ ᠪᠠᠷᠠᠳᠠᠭ᠍ᠰᠠᠨ ᠪᠤᠭ᠍ᠱᠤᠷᠭ᠎ᠠ ᠰᠠᠯᠬᠢ ᠲᠠᠭᠤᠨ ᠵᠢᠷᠭᠢᠬᠦ᠌᠎ᠳᠤ ᠤᠳᠠ ᠤᠯᠢᠶᠠᠰᠤ

ᠬᠦᠯᠦᠭᠡᠯᠡᠴᠢᠬᠡᠭ᠌ᠰᠡᠨ ᠠᠮᠢᠯᠠᠯ᠎ᠤᠨ ᠬᠠᠪᠤᠷ

ᠲᠤᠭᠤᠭ᠎ᠠ᠎ᠲᠠᠢ ᠰᠦ ᠬᠦᠭᠡᠰᠦᠷᠡᠬᠦ᠌᠎ᠳᠤ ᠨᠠᠰᠤᠳᠠᠳ ᠨᠠᠷᠭᠢᠨ

ᠨᠠᠷᠠᠯᠠᠴᠢᠬᠠᠭ᠍ᠰᠠᠨ ᠲᠡᠨᠢᠭᠦᠬᠡᠨ ᠬᠠᠪᠤᠷ

ᠲᠡᠭ᠌ᠷᠢ᠎ᠶ᠋ᠢᠨ ᠬᠡᠱᠢᠭ ᠲᠤᠰᠤ ᠭᠡᠮᠡᠷ ᠰᠠᠢᠨ᠎ᠤ ᠪᠡᠯᠭᠡᠳᠡᠯ᠎ᠲᠠᠢ

ᠱᠢᠪᠡᠷᠡᠴᠢᠬᠡᠭ᠌ᠰᠡᠨ ᠲᠦᠯᠵᠢᠬᠦ᠌ ᠬᠠᠪᠤᠷ

ᠲᠠᠭᠤᠤ ᠴᠦ᠍ ᠭᠡᠮᠡᠷ᠂ ᠬᠤᠭᠤᠷ ᠴᠦ᠍ ᠭᠡᠮᠡᠷ ᠭᠤᠤᠯ ᠭᠤᠷᠤᠬ᠎ᠠ

ᠤᠶᠠᠩᠭᠠᠯᠠᠴᠢᠬᠠᠭ᠍ᠰᠠᠨ ᠤᠶᠠᠬᠠᠨ ᠬᠠᠪᠤᠷ

ᠲᠤᠯᠠᠢᠮ᠎ᠠ ᠬᠡᠤᠬᠡᠨ ᠲᠤᠯᠠᠭᠠᠬ᠍ᠠᠨ ᠲᠡᠭᠦᠦ᠍᠎ᠲᠠᠢ᠎ᠪᠠᠨ

ᠲᠤᠭᠤᠯ ᠪᠢᠷᠠᠭᠤ ᠬᠠᠪᠤᠷ᠎ᠲᠠᠢ ᠨᠤᠴᠤᠯᠳᠤᠨ

ᠠᠯᠢᠶᠠᠯᠠᠴᠢᠬᠠᠭ᠍ᠰᠠᠨ ᠬᠦᠭᠡᠷᠦᠬᠦᠨ ᠬᠠᠪᠣᠷ

ᠲᠦᠮᠡᠨ ᠪᠤᠳᠠᠰ᠎ᠢᠶᠠᠨ ᠨᠠᠢᠷᠠᠯ ᠬᠦᠭ᠌ᠵᠢᠮ᠎ᠤᠨ᠎ᠢᠶᠠᠨ ᠲᠤᠮᠳᠠ

ᠪᠦᠪᠡᠢᠯᠡᠴᠢᠬᠡᠭ᠌ᠰᠡᠨ ᠲᠡᠯᠭᠡᠷᠡᠬᠦ᠌ ᠬᠠᠪᠤᠷ᠃





ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号