ᠰᠦᠨᠢ ᠵᠡᠭᠦᠳᠦᠯᠡᠬᠦ᠌ ᠮᠡᠲᠦ ᠡᠪᠤᠯᠢ ᠨᠤᠢᠷᠮᠤᠭ᠍ᠯᠠᠨ ᠲᠤᠭᠤᠯᠬᠤ
ᠰᠦᠷᠦᠭ ᠠᠳᠤᠭᠤᠳ ᠬᠠᠶᠠᠭᠠᠨ᠎ᠳᠤ ᠤᠢᠷᠠᠲᠤᠨ ᠢᠨᠴᠠᠭᠠᠬᠤ
ᠰᠦᠵᠢᠭ ᠨᠠᠮᠠᠨᠴᠢᠯᠠᠬᠤ ᠬᠤᠷᠤᠮ ᠴᠠᠭ ᠬᠤᠭᠤᠴᠠᠭ᠎ᠠ ᠭᠢᠯᠠᠰᠭᠢᠨ ᠦᠩᠭᠡᠷᠡᠬᠦ᠌
ᠰᠥᠬᠦ᠌ ᠴᠠᠰᠤᠨ᠎ᠤ ᠡᠪᠤᠷ᠎ᠠᠴᠠ ᠢᠷᠭᠤᠢ᠎ᠶ᠋ᠢᠨ ᠨᠢᠳᠦ ᠭᠡᠷᠡᠯᠱᠢᠬᠦ᠌
ᠬᠦᠯᠳᠡᠭᠦᠦ ᠬᠦᠷᠦᠰᠦ᠎ᠶ᠋ᠢ ᠭᠢᠰᠭᠢᠯᠡᠨ ᠬᠠᠪᠤᠷ᠎ᠤᠨ ᠴᠢᠮᠡᠭᠡ ᠠᠨᠢᠷᠲᠤᠬᠤ
ᠭᠥᠬᠡ ᠲᠡᠭ᠌ᠷᠢ᠎ᠶ᠋ᠢᠨ ᠭᠦᠨᠳᠤ ᠡᠭᠦᠯᠡ ᠨᠢᠯᠪᠤᠰᠤᠷᠠᠨ ᠬᠦᠯᠢᠶᠡᠬᠦ᠌
ᠬᠦᠭᠡᠮᠡᠢ᠎ᠶ᠋ᠢᠨ ᠠᠶᠠᠯᠭᠤ ᠵᠢᠷᠭᠠᠯ ᠴᠢᠪᠬᠠᠳᠠᠨ ᠰᠠᠯᠬᠢᠨ᠎ᠤ ᠬᠡᠯᠡᠨ᠎ᠠᠴᠠ ᠬᠠᠩᠭᠢᠨᠠᠬᠤ
ᠬᠦᠮᠦᠨ ᠵᠤᠨ᠎ᠤ ᠵᠤᠯᠪᠤᠭ᠎ᠠ ᠰᠡᠷᠭᠦᠵᠦ᠍ ᠱᠢᠨ᠎ᠡ ᠠᠮᠢᠳᠤᠷᠠᠯ ᠡᠬᠢᠯᠡᠬᠦ᠌
ᠪᠤᠴᠠᠭ᠍ᠰᠠᠨ ᠱᠢᠪᠠᠭᠤᠳ ᠨᠣᠲᠤᠭ ᠰᠠᠨᠠᠨ ᠠᠭᠠᠷ ᠡᠰᠭᠡᠨ ᠨᠠᠭᠠᠱᠢᠯᠠᠬᠤ
ᠪᠤᠷᠤᠭᠠᠨ᠎ᠤ ᠰᠤᠷᠠᠭ ᠭᠠᠵᠠᠷ᠎ᠤᠨ ᠠᠮᠢᠰᠭᠤᠭ᠎ᠠ ᠴᠢᠩᠨᠠᠨ ᠤᠢᠷᠠᠳᠭᠤ
ᠪᠤᠷᠭᠠᠰᠤᠨ᠎ᠤ ᠨᠠᠮᠠᠭ᠎ᠠ ᠪᠤᠳᠤᠯ᠎ᠠᠴᠠ᠎ᠪᠠᠨ ᠤᠶᠠᠷᠠᠵᠦ᠍ ᠬᠠᠯᠢᠰᠤᠨ᠎ᠳᠠᠭᠠᠨ ᠤᠭᠢᠯᠠᠬᠤ
ᠪᠣᠷᠣ ᠵᠢᠷᠤᠭ ᠰᠢᠬ ᠱᠢᠨ᠎ᠡ ᠨᠢᠭᠡᠨ ᠪᠠᠢᠭᠠᠯᠢ ᠳᠠᠬᠢᠨ ᠠᠮᠢᠯᠠᠬᠤ
ᠬᠠᠷᠭᠢᠶᠠᠲᠤᠬᠤ ᠭᠤᠤᠯ᠎ᠤᠨ ᠤᠰᠤᠨ ᠭᠦᠨ ᠲᠠᠢᠭ᠎ᠠ᠎ᠳᠤ ᠳᠠᠭᠤᠯᠠᠬᠤ
ᠬᠠᠲᠤᠨ ᠬᠠᠷᠢᠶᠠᠴᠠᠢ ᠦᠷᠭᠦᠭᠡ ᠡᠷᠭᠢᠨ ᠡᠷᠬᠡᠯᠡᠨ ᠡᠷᠬᠡᠯᠡᠨ ᠬᠠᠯᠢᠬᠤ
ᠬᠠᠭ᠍ᠳᠠᠨᠤ ᠠᠮᠢᠰᠭᠤᠭ᠎ᠠ ᠭᠠᠵᠠᠷ᠎ᠤᠨ ᠰᠤᠳᠠᠰᠤ᠎ᠪᠠᠷ ᠲᠡᠭ᠌ᠷᠢ ᠵᠦᠭ ᠰᠦᠢᠯᠬᠢᠯᠡᠬᠦ᠌
ᠬᠠᠨᠢ᠎ᠶ᠋ᠢᠨ ᠵᠠᠬᠢᠶ᠎ᠠ ᠵᠠᠢ ᠲᠤᠪᠴᠢᠯᠠᠵᠦ᠍ ᠤᠳᠠᠰᠤᠨ᠎ᠤ ᠳᠡᠯᠭᠡᠴᠡ᠎ᠳᠤ ᠪᠠᠭᠤᠬᠤ
ᠢᠷᠡᠵᠦ᠍ ᠪᠤᠢ ᠴᠠᠭ᠎ᠤᠨ ᠠᠭᠠᠯᠢᠨ᠎ᠳᠤ ᠬᠠᠢᠷ᠎ᠠ᠎ᠶ᠋ᠢᠨ ᠰᠡᠳᠭᠢᠯ ᠨᠠᠬᠢᠶᠠᠯᠠᠬᠤ
ᠢᠷᠡᠭᠡᠳᠦᠢ ᠬᠡᠮᠡᠬᠦ᠌ ᠬᠦᠰᠡᠯ᠎ᠤᠨ ᠳᠡᠨᠵᠢᠨ᠎ᠳᠤ ᠵᠤᠨ᠎ᠤ ᠴᠡᠴᠡᠭᠡᠰ ᠳᠡᠯᠭᠡᠷᠡᠬᠦ᠌
ᠢᠰᠡᠭᠡᠢ ᠭᠡᠷ᠎ᠤᠨ ᠲᠤᠭᠤᠨᠤ᠎ᠪᠠᠷ ᠵᠢᠷᠭᠠᠯ᠎ᠤᠨ ᠭᠡᠭᠡ ᠲᠤᠶᠠᠭᠠᠯᠠᠬᠤ
ᠢᠨᠢᠶᠡᠳᠦ ᠪᠢᠯᠬᠠᠭ᠍ᠰᠠᠨ ᠪᠦᠰᠡᠭᠦᠢ᠎ᠶ᠋ᠢᠨ ᠭᠠᠷ᠎ᠠᠴᠠ ᠰᠦ᠎ᠲᠠᠢ ᠴᠠᠢ ᠬᠠᠩᠬᠤᠯᠬᠤ
ᠬᠠᠪᠤᠷ ᠬᠠᠪᠤᠷ᠎ᠢᠶᠠᠷ ᠬᠠᠢᠷ᠎ᠠ᠎ᠶ᠋ᠢᠨ ᠱᠢᠯᠦᠭ ᠤᠷᠭᠤᠨ᠎ᠠ
ᠬᠠᠢᠷ᠎ᠠ ᠬᠠᠢᠷ᠎ᠠ᠎ᠪᠠᠷ ᠬᠠᠮᠲᠦ᠍ᠶ᠋ᠢᠨ ᠬᠦᠰᠡᠯ ᠪᠡᠶᠡᠯᠡᠨ᠎ᠡ
ᠬᠠᠨ ᠬᠤᠷᠸ᠎ᠠ ᠤᠬᠠᠭᠠᠨ᠎ᠤ ᠠᠭᠤᠳᠠᠮ᠎ᠳᠤ ᠭᠡᠷᠡᠯᠳᠦᠨ᠎ᠡ
ᠬᠠᠭᠠᠨ ᠵᠢᠷᠭᠠᠯ ᠦᠪᠡᠷ᠎ᠤᠨ ᠴᠢᠨᠢ ᠠᠯᠠᠭᠠᠨ᠎ᠳᠤ ᠲᠤᠭ᠍ᠲᠠᠨ