ᠮᠢᠨᠦᠢ᠍ᠲ ᠰᠧᠺᠦ᠋ᠨ᠋ᠳ᠋ ᠱᠢᠬᠠᠯᠴᠠᠵᠤ
ᠴᠠᠬ ᠬᠤᠭᠤᠴᠠᠭ᠎ᠠ ᠤᠷᠤᠩᠨᠠᠵᠤ
ᠤᠨ ᠵᠢᠯ ᠤᠷᠤᠯᠳᠤᠬᠤ᠎ᠳᠤ᠎ᠲᠠᠭᠠᠨ ᠲᠠᠭᠤᠯᠴᠠᠨᠡ ᠬᠦᠮᠦᠰ
ᠮᠡᠳᠡᠵᠦ᠍ ᠠᠮᠵᠢᠭ᠎ᠠ ᠦᠬᠡᠢ ᠬᠤᠭᠤᠷᠤᠨᠳᠤ
ᠮᠡᠯ ᠬᠢᠳᠡᠯ᠎ᠠ ᠠᠰᠭᠠᠷᠠᠬ᠍ᠰᠠᠨ ᠭᠠᠱᠢᠭᠤᠨ ᠨᠢᠯᠪᠤᠰᠤ
ᠮᠡᠳᠡᠷᠡᠯ᠎ᠤᠨ ᠱᠢᠵᠢᠮ ᠬᠠᠢᠷᠠᠳᠤ ᠬᠤᠩᠭᠤᠷ ᠮᠢᠨᠢ
ᠰᠡᠳᠭᠢᠯ ᠮᠢᠨᠢ ᠬᠢᠯᠢ ᠵᠤᠷᠢᠨ ᠬᠤᠢᠯᠠᠷᠠᠵᠤ
ᠰᠠᠨᠠᠮᠵᠢ ᠮᠢᠨᠢ ᠬᠢᠵᠠᠭᠠᠷ ᠲᠡᠯᠡᠨ ᠤᠷᠤᠰᠭᠤ᠎ᠪᠠᠷ
ᠪᠤᠳᠤᠯ ᠮᠢᠨᠢ ᠪᠦᠮᠪᠦᠷᠴᠡᠭ᠎ᠢ ᠪᠦᠭ᠌ᠬᠦᠨ ᠪᠦᠢᠯᠠᠨᠠᠮ
ᠦᠷᠯᠦᠬᠡ ᠪᠦᠷᠢ ᠱᠢᠨ᠎ᠡ᠎ᠪᠠᠷ ᠲᠦᠷᠦᠵᠦ᠍
ᠦᠳᠡᠰᠢ᠎ᠶ᠋ᠢᠨ ᠲᠤᠯᠤᠩᠢ ᠲᠦᠢᠮᠡᠷᠳᠡᠭ
ᠤᠶᠤᠨ ᠰᠠᠨᠠᠭᠠᠨ᠎ᠤ ᠮᠢᠨᠢ ᠲᠠᠯᠠᠰᠳᠤ ᠪᠤᠯ ᠴᠢ ᠶᠤᠮ
ᠲᠡᠭ᠎ᠠᠴᠠ ᠲᠤᠷᠤᠬ᠍ᠰᠢ ᠭᠷᠠᠳᠦ᠋ᠰ᠎ᠠᠴᠠ
ᠭᠤᠴᠢᠨ ᠵᠢᠷᠭᠤᠭ᠎ᠠ᠎ᠳᠤ ᠬᠦᠷᠬᠡᠵᠦ᠍ ᠴᠢᠳᠠᠳᠠᠬ᠎ᠨᠢ
ᠰᠡᠳᠭᠢᠯ ᠰᠡᠳᠭᠢᠯ᠎ᠳᠡᠭᠡᠨ ᠪᠠᠭ᠍ᠳᠠᠯᠴᠠᠬ᠍ᠰᠠᠨ ᠬᠠᠢᠷ᠎ᠠ ᠶᠤᠮ
ᠵᠦᠷᠢᠬᠡᠳ ᠭᠠᠷᠬᠤ᠎ᠶ᠋ᠢᠨ ᠬᠤᠷᠤᠮ᠎ᠳᠤ
ᠵᠢᠷᠦᠬᠡ ᠵᠢᠷᠦᠬᠡᠨ᠎ᠤ ᠴᠢᠰᠤ᠎ᠪᠠᠨ ᠤᠷᠬᠢᠯᠣᠭᠤᠯᠵᠤ ᠴᠢᠳᠠᠬ᠍ᠰᠠᠨ᠎ᠨᠢ
ᠬᠠᠷᠠᠴᠠ ᠬᠠᠷᠠᠴᠠᠨ᠎ᠳᠠᠭᠠᠨ ᠡᠵᠡᠩᠨᠡᠭ᠌ᠳᠡᠭ᠌ᠰᠡᠨ ᠬᠠᠯᠠ ᠪᠢᠯᠡ
ᠰᠡᠪ ᠦᠬᠡᠢ ᠰᠡᠳᠭᠢᠯ᠎ᠳᠤ ᠮᠢᠨᠢ
ᠰᠡᠮ ᠰᠡᠮᠡᠬᠡᠨ ᠨᠠᠬᠢᠶᠠᠯᠠᠨ ᠦᠨᠳᠦᠰᠦᠯᠡᠭ᠌ᠰᠡᠨ᠎ᠨᠢ
ᠰᠡᠷᠮᠡᠬᠦᠨ ᠬᠠᠩᠭᠠᠢ᠎ᠶ᠋ᠢᠨ ᠱᠢᠯᠢ᠎ᠶ᠋ᠢᠨ ᠰᠠᠢᠨ ᠡᠷ᠎ᠡ ᠲᠠ ᠪᠢᠯᠡ
ᠦᠩᠬᠡ᠎ᠨᠢ ᠤᠩᠭᠤᠬ᠍ᠰᠠᠨ ᠰᠡᠳᠭᠢᠯ᠎ᠳᠤ ᠮᠢᠨᠢ
ᠦᠨᠢ ᠰᠤᠯᠤᠩᠭᠠᠷᠠᠵᠤ ᠴᠢᠳᠠᠳᠠᠬ᠎ᠨᠢ
ᠦᠨᠡᠨ᠎ᠤ ᠬᠢᠵᠠᠭᠠᠷ᠎ᠲᠠᠬᠢ ᠦᠨᠡᠨᠴᠢ ᠲᠠ ᠮᠢᠨᠦ᠍
ᠦᠯᠦ᠍ ᠮᠡᠳᠡᠬᠦ᠌ ᠡᠷᠬᠡᠰ᠎ᠤᠨ ᠲᠤᠤᠷ᠎ᠠ
ᠦᠪᠡᠷ᠎ᠢ ᠮᠢᠨᠢ ᠭᠠᠭ᠍ᠴᠠᠬᠠᠨ ᠤᠤᠯᠭᠠᠯᠠᠬ᠍ᠴᠢ
ᠬᠠᠨᠢ᠎ᠶ᠋ᠢᠨ ᠭᠠᠭ᠍ᠴᠠᠬᠠᠨ ᠵᠠᠶᠠᠭ᠎ᠠ ᠮᠢᠨᠦ᠍
ᠦᠨᠦᠴᠢᠷᠡᠯ ᠭᠠᠭ᠍ᠴᠠᠭᠠᠷᠳᠠᠯᠢ ᠦᠵᠡᠬᠦᠯᠵᠦ᠍ ᠴᠢᠳᠠᠬ᠍ᠰᠠᠨ
ᠦᠩᠬᠡᠪᠴᠢ ᠬᠤᠭᠤᠰᠤᠨ ᠦᠷᠳᠡᠭᠡ
ᠡᠴᠦᠰ᠎ᠤᠨ ᠬᠠᠷᠠᠩᠭᠤᠢ ᠦᠷᠦᠬᠡ — ᠦᠬᠦᠯ
ᠨᠢᠰᠤ ᠨᠢᠯᠪᠣᠰᠤ᠎ᠶ᠋ᠢ ᠮᠢᠨᠢ ᠨᠡᠢ᠌ᠳᠭᠡᠵᠦ᠍
ᠨᠢᠬᠦᠯ ᠪᠤᠶᠠᠨ᠎ᠢ ᠮᠢᠨᠢ ᠲᠡᠭ᠌ᠰᠢᠯᠡᠵᠦ᠍ ᠦᠭ᠌ᠳᠡᠭ
ᠬᠠᠢᠷ᠎ᠠ᠎ᠶ᠋ᠢᠨ ᠲᠤᠯᠠᠭᠠᠨ ᠪᠠᠭᠤᠴᠠ— ᠠᠮᠢᠳᠤᠷᠠᠯ
ᠰᠦᠨᠡᠰᠦ ᠮᠢᠨᠢ ᠡᠵᠡᠬᠦᠢᠷᠡᠬᠦ᠌ᠪᠠᠷ
ᠠᠷᠠᠬ ᠶᠡᠰᠦ ᠪᠦᠬᠦᠨ ᠮᠢᠨᠢ ᠶᠤᠤᠯᠠᠵᠤ
ᠱᠢᠯᠦᠭ ᠮᠢᠨᠢ ᠭᠠᠵᠠᠷ ᠲᠡᠪᠰᠡᠯᠡᠨ ᠤᠬᠢᠯᠠᠳᠠᠬ
ᠡᠪᠡᠳᠴᠢᠨ ᠡᠮᠬᠡᠭ᠎ᠤᠨ ᠡᠵᠡᠨ
ᠦᠱᠢᠯ ᠬᠢᠰᠡᠯᠤᠨ ᠲᠠᠢᠰᠤᠨ
ᠡᠷᠯᠢᠭ ᠬᠠᠭᠠᠨ ᠶᠠᠭᠠᠬᠢᠬ᠍ᠰᠠᠨ ᠵᠠᠨᠤᠯᠳᠠᠢ ᠪᠤᠢ
ᠭᠤᠤᠯ᠎ᠠᠴᠠ᠎ᠪᠠᠨ ᠭᠠᠯ ᠱᠢᠬ ᠦᠷᠪᠢᠰᠴᠦ᠍
ᠡᠷᠬᠢ᠎ᠪᠠᠨ ᠡᠯᠳᠡᠵᠦ᠍ ᠨᠤᠷᠠᠭᠠᠬ᠍ᠰᠠᠨᠨᠢ
ᠶᠡᠬᠦᠷᠡᠵᠦ᠍ ᠤᠨᠠᠬ᠍ᠰᠠᠨ ᠰᠡᠳᠭᠢᠯ ᠮᠢᠨᠦ᠍
ᠲᠦᠪ᠎ᠢᠶᠠᠨ ᠠᠯᠳᠠᠬ᠍ᠰᠠᠨ ᠴᠤ᠌
ᠲᠦᠬᠡᠷᠢᠳᠡᠭ ᠦᠬᠡᠢ ᠬᠢᠵᠠᠭᠠᠷ ᠲᠡᠢᠰᠢ
ᠰᠡᠳᠭᠢᠯ᠎ᠤᠨ ᠬᠡᠬᠡ ᠴᠢᠨᠢ ᠨᠠᠳᠠ᠎ᠶ᠋ᠢ ᠲᠠᠭᠠᠭᠤᠯᠤᠬ᠍ᠰᠠᠭᠠᠷ
ᠬᠠᠢᠷ᠎ᠠ᠎ᠪᠠᠷ᠎ᠢᠶᠠᠨ ᠲᠠᠨ᠎ᠢ᠎ᠪᠠᠨ ᠠᠷᠭᠠᠮᠵᠢᠬᠤ ᠬᠡᠵᠦ᠍
ᠬᠠᠷᠠᠩᠭᠤᠢ᠎ᠲᠠᠢ ᠠᠰ ᠲᠤᠯᠤᠯᠳᠤᠬᠤ᠎ᠪᠠᠷ
ᠬᠤᠭᠤᠰᠤᠨ ᠲᠦᠷᠢᠨᠦᠭᠦᠳ ᠦᠩᠬᠡᠯᠵᠡᠬᠡᠳ
ᠬᠤᠷᠸ᠎ᠠ᠎ᠶ᠋ᠢᠨ ᠵᠠᠢ᠎ᠶ᠋ᠢ ᠡᠪᠬᠡᠵᠦ᠍
ᠬᠠᠢᠷ᠎ᠠ᠎ᠶ᠋ᠢᠨ ᠴᠡᠬᠡᠯ᠎ᠠᠴᠠ ᠲᠠᠨ᠎ᠢ᠎ᠪᠠᠨ ᠱᠦᠬᠦᠬᠦ᠌ᠳᠤ
ᠬᠠᠯᠠᠭᠤᠨ ᠴᠢᠰᠤ ᠮᠢᠨᠢ ᠠᠬ᠍ᠰᠢᠭᠠᠳ
ᠦᠯᠡᠳᠡᠬᠡᠵᠦ᠍ ᠴᠢᠳᠠᠬ᠍ᠰᠠᠨ ᠦᠬᠡᠢ ᠴᠢᠮ᠎ᠠ᠎ᠪᠠᠨ
ᠦᠨᠢ ᠮᠦᠩᠬᠡ ᠲᠤᠷᠠᠳᠭᠤ ᠬᠡᠵᠦ᠍
ᠦᠪᠡᠷᠲᠠᠢᠪᠠᠨ ᠬᠠᠮᠳᠤ ᠬᠠᠢᠷᠴᠠᠬ᠍ᠯᠠᠨᠠᠮ
ᠴᠢᠮ᠎ᠠ ᠵᠦᠭ᠎ᠤᠨ ᠲᠡᠭ᠌ᠷᠢ᠎ᠳᠡᠭᠡᠨ
ᠨᠠᠢᠷᠠᠬᠢᠶᠠᠷᠢᠶᠠᠨ ᠲᠡᠬᠢᠨ ᠲᠦᠷᠦᠬᠦ᠌ ᠮᠢᠨᠢ
ᠨᠠᠷᠠᠳᠤ᠎ᠶ᠋ᠢᠨ ᠱᠢᠨ᠎ᠡ ᠠᠮᠢ ᠨᠠᠰᠤ ᠪᠤᠶᠤ
ᠲᠠᠢᠪᠤᠭᠤᠨ ᠠᠮᠤᠷᠯᠢᠩᠭᠤᠢ ᠴᠢ ᠮᠢᠨᠢ
ᠲᠠᠯ᠎ᠠ᠎ᠪᠠᠨ ᠱᠢᠬ ᠠᠭᠤᠳᠠᠮᠴᠢ ᠲᠠᠬᠢᠮᠳᠠᠭᠤ ᠪᠦᠰᠡᠬᠦᠢ᠎ᠲᠠᠢ
ᠲᠠᠨ᠎ᠤ ᠠᠢᠯ ᠬᠡᠵᠢᠶᠡᠳᠡ ᠠᠵᠠᠳᠠᠢ ᠶᠤᠮ
ᠱᠢᠯᠦᠭ᠎ᠢᠶᠠᠷ᠎ᠢᠶᠠᠨ ᠰᠡᠳᠭᠢᠯ᠎ᠢᠶᠠᠨ ᠬᠠᠭᠤᠷᠴᠤ᠌
ᠱᠢᠷᠬ᠎ᠠ᠎ᠪᠠᠨ ᠠᠨᠠᠭᠠᠨ ᠵᠠᠰᠠᠬᠤ ᠮᠡᠨᠢ
ᠦᠪᠡᠷ᠎ᠢ᠎ᠪᠠᠨ ᠠᠪᠤᠷᠠᠬᠤ ᠤᠨᠳᠤᠤ ᠨᠢᠬᠡ ᠬᠡᠯᠪᠡᠷᠢ