ᠮᠠᠨᠳᠤᠬᠤ ᠲᠦᠷᠪᠡᠨ ᠰᠠᠷ᠎ᠠ᠎ᠶ᠋ᠢᠨ ᠰᠠᠯᠬᠢᠨ
2026-04-22 16:37:44
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆



           ( ᠭᠠᠲᠠᠨ᠎ᠠ ᠨᠢᠭᠡ)

    ᠲᠦᠷᠪᠡᠨ ᠰᠠᠷ᠎ᠠ᠎ᠶ᠋ᠢᠨ ᠰᠠᠯᠬᠢᠨ᠎ᠳᠤ

    ᠠᠷᠤ ᠭᠠᠵᠠᠷ ᠰᠡᠷᠡᠨ᠎ᠡ

    ᠶᠠᠭ ᠯᠠ ᠮᠢᠨᠤ ᠪᠠᠭ᠎ᠠ᠎ᠶ᠋ᠢᠨ ᠮᠦᠷᠦᠬᠡᠳᠦᠯ ᠮᠡᠳᠦ

    ᠲᠦᠷᠪᠡᠨ ᠰᠠᠷ᠎ᠠ᠎ᠶ᠋ᠢᠨ ᠰᠠᠯᠬᠢᠨ᠎ᠳᠤ

    ᠬᠤᠨᠢᠨ ᠪᠤᠷᠤ ᠵᠡᠷᠬᠡᠯᠬᠡᠨ ᠵᠢᠷᠪᠢᠯᠵᠡᠨ᠎ᠡ

    ᠶᠠᠭ ᠯᠠ ᠮᠢᠨᠤ ᠠᠯᠳᠠᠵᠤ ᠶᠠᠪᠤᠭᠤᠯᠤᠭ᠍ᠰᠠᠨ

    ᠵᠠᠢᠳᠠᠩ ᠨᠠᠰᠤ ᠮᠡᠳᠦ

    ᠲᠦᠷᠪᠡᠨ ᠰᠠᠷ᠎ᠠ᠎ᠶ᠋ᠢᠨ ᠰᠠᠯᠬᠢᠨ᠎ᠳᠤ

    ᠡᠳᠦᠷ ᠬᠤᠨᠤᠭ ᠤᠷᠤᠰᠤᠨ᠎ᠠ

    ᠶᠠᠭ ᠯᠠ ᠮᠢᠨᠤ ᠠᠮᠢ ᠨᠠᠰᠤ ᠮᠡᠳᠦ

    ᠲᠦᠷᠪᠡᠨ ᠰᠠᠷ᠎ᠠ᠎ᠶ᠋ᠢᠨ ᠰᠠᠯᠬᠢᠨ᠎ᠳᠤ

    ᠵᠤᠢᠯ᠎ᠤᠨ ᠤᠨᠢᠰᠤᠭ᠎ᠠ ᠤᠷᠭᠤᠨ᠎ᠠ

    ᠶᠠᠭ ᠯᠠ ᠮᠢᠨᠤ ᠠᠮᠢᠳᠤᠷᠠᠯ ᠮᠡᠳᠦ

       

              ᠬᠠᠪᠤᠷ

    ᠬᠠᠪᠤᠷ ᠨᠠᠮᠠᠶ᠋ᠢ ᠬᠦᠲᠦᠯᠵᠦ᠍

    ᠬᠠᠩᠰᠢ᠎ᠶ᠋ᠢᠨ ᠡᠳᠦᠷ ᠨᠤᠲᠤᠭ᠎ᠲᠤ ᠮᠢᠨᠢ ᠠᠪᠠᠴᠢᠪᠠ

    ᠡᠪᠦᠭᠡ᠎ᠶ᠋ᠢᠨ ᠮᠢᠨᠢ ᠬᠦᠲᠦᠯᠵᠦ᠍ ᠠᠯᠬᠤᠭ᠍ᠰᠠᠨ ᠵᠠᠮ᠎ᠢᠶᠠᠷ

    ᠣᠳᠤ ᠪᠢ ᠬᠦᠦ᠍᠎ᠪᠠᠨ ᠬᠦᠲᠦᠯᠦᠨ ᠠᠯᠬᠤᠨ᠎ᠠ

    ᠬᠠᠪᠤᠷ ᠭᠡᠳᠡᠭ ᠨᠡᠭᠦᠳᠡᠯ᠎ᠤᠨ ᠱᠢᠪᠠᠭᠤ

    ᠮᠥᠩᠬᠡ ᠲᠡᠭ᠌ᠷᠢ᠎ᠶ᠋ᠢᠨ ᠳᠣᠣᠷ᠎ᠠ

    ᠡᠷᠭᠢᠯᠳᠦᠨ ᠡᠷᠭᠢᠯᠳᠦᠨᠡᠮ

    ᠬᠠᠯᠠᠭᠤᠨ ᠣᠷᠤᠨ᠎ᠠᠴᠠ ᠨᠡᠭᠦᠳᠡᠯ᠎ᠤᠨ ᠱᠢᠪᠠᠭᠤᠳ

    ᠢᠷᠭᠤᠢ᠎ᠪᠠᠷ ᠨᠠᠳᠠ᠎ᠳᠠᠭᠠᠨ ᠵᠠᠬᠢᠳᠠᠯ ᠪᠢᠴᠢᠬᠦ᠌᠎ᠳᠤ

    ᠤᠨᠳᠠᠵᠤ ᠪᠠᠢᠭ᠍ᠰᠠᠨ ᠵᠡᠷᠭᠡᠯᠭᠡᠨ ᠴᠤ᠌ ᠰᠡᠷᠡᠵᠦ᠍ ᠠᠯᠢᠶᠠᠷᠬᠠᠯ᠎ᠠ

    ᠲᠥᠯ᠎ᠤᠨ ᠳᠠᠭᠤᠨ᠎ᠳᠤ ᠤᠶᠠᠷᠠᠭ᠍ᠰᠠᠨ ᠡᠮᠧ᠎ᠳᠤ ᠮᠢᠨᠢ

    ᠬᠡᠷᠡᠭ᠎ᠲᠤ ᠳᠤᠷᠠᠲᠠᠢ ᠬᠡᠷᠢᠶ᠎ᠡ ᠴᠤ᠌

    ᠳᠤᠩ ᠴᠠᠭᠠᠨ ᠬᠠᠷᠠᠭ᠍ᠳᠠᠨ᠎ᠠ

    ᠴᠡᠩᠭᠡᠷ ᠱᠢᠪᠠᠭᠤᠳ᠎ᠢᠶᠠᠨ ᠤᠭ᠍ᠲᠤᠵᠤ

    ᠴᠡᠯ ᠵᠠᠯᠠᠭᠤ ᠱᠢᠯᠦᠭ ᠳᠡᠷᠡᠯᠡᠨ᠎ᠡ ᠪᠢ

    ᠨᠤᠲᠤᠭ᠎ᠲᠤ ᠮᠢᠨᠢ ᠲᠣᠷᠭᠠᠨ ᠰᠡᠪᠱᠢᠶ᠎ᠡ ᠨᠠᠮᠢᠷᠠᠨᠠᠮ

    ᠪᠢ ᠮᠦᠷᠦᠭᠡᠳᠦᠯ ᠠᠰᠠᠭᠠᠵᠤ

    ᠮᠣᠳᠤᠳ ᠨᠠᠪᠴᠢ ᠵᠠᠭᠦᠳᠦᠯᠡᠵᠦ᠍ ᠁

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号