ᠬᠦᠳᠡᠭᠡ᠎ᠶ᠋ᠢᠨ ᠬᠡᠦᠬᠡᠳ ᠬᠦᠭᠡᠷᠦᠬᠦᠨ
2026-05-27 11:21:08
ᠵᠣᠬᠢᠶᠠᠭ᠍ᠴᠢ᠄
ᠫ·ᠳ᠋ᠠᠮᠪᠢᠫᠸᠯᠵᠢᠳ
ᠣᠩᠱᠢᠭ᠍ᠰᠠᠨ ᠣᠳᠠᠭ᠎ᠠ᠄
★★★☆☆

— ᠪᠠᠭ᠎ᠠ ᠨᠠᠰᠤᠨ᠎ᠤ ᠲᠤᠷᠠᠰᠤᠮᠵᠢ


ᠬᠦᠯ᠎ᠳᠦ ᠤᠷᠤᠭ᠍ᠰᠠᠨ ᠡᠳᠦᠷ᠎ᠡᠴᠡ ᠪᠠᠨ ᠡᠬᠢᠯᠡᠵᠦ᠍

ᠬᠦᠮᠦᠨ᠎ᠤ ᠠᠮᠢᠳᠤᠷᠠᠯ᠎ᠤᠨ ᠵᠠᠮ᠎ᠢ ᠡᠯᠭᠦᠯ᠎ᠡ

ᠬᠡᠦᠬᠡᠳ ᠨᠠᠰᠤ ᠭᠡᠵᠦ᠍ ᠶᠢᠷᠳᠢᠨᠴᠤ ᠵᠢᠨ ᠰᠠᠢᠬᠠᠨ

ᠬᠦᠭᠡᠷᠦᠬᠦᠢ ᠯᠡ ᠭᠡᠪᠡᠯ ᠨᠢᠭᠡ ᠯᠠ ᠦᠭᠡ


ᠠᠷᠭᠠᠯ᠎ᠳᠤ ᠶᠠᠪᠤᠬ᠍ᠰᠠᠨ ᠡᠵᠢ ᠪᠡᠨ ᠤᠭ᠍ᠳᠤᠵᠤ

ᠠᠯᠴᠠᠭ ᠪᠤᠯᠴᠠᠭ ᠲᠤᠰᠴᠤ᠌ ᠭᠦᠶᠦᠨ᠎ᠡ

ᠠᠶᠠᠨ᠎ᠳᠤ ᠮᠤᠷᠳᠠᠬ᠍ᠰᠠᠨ ᠠᠪᠤ ᠪᠠᠨ ᠦᠭᠡᠢᠯᠡᠵᠦ᠍

ᠠᠳᠭᠤ ᠱᠢᠬᠢᠷ ᠬᠦᠯᠢᠶᠡᠵᠦ᠍ ᠰᠠᠭᠤᠨ᠎ᠠ


ᠬᠡᠳᠦᠨ ᠱᠠᠭᠠᠢ ᠪᠤᠯᠢᠶᠠᠯᠳᠤᠨ ᠴᠤᠤᠭᠢᠯᠳᠤᠵᠤ

ᠬᠡᠷᠡᠬᠦᠯ ᠵᠤᠳᠤᠭᠠᠨ ᠴᠤ᠌ ᠡᠬᠦᠰᠴᠦ᠍ ᠭᠠᠷᠤᠨ᠎ᠠ

ᠬᠡᠳᠦ ᠬᠤᠨᠤᠬᠤ ᠦᠭᠡᠢ ᠲᠡᠰᠭᠦ ᠠᠯᠳᠠᠷᠠᠵᠤ

ᠬᠡᠨ ᠨᠢᠭᠡᠨ ᠵᠢᠡᠨ ᠡᠷᠢᠭᠡᠳ ᠬᠦᠷᠦᠨ᠎ᠡ


ᠬᠡᠨᠵᠡ ᠲᠤᠭᠤᠯ ᠵᠢᠠᠨ ᠲᠠᠭᠤᠵᠤ ᠭᠠᠷᠤᠭᠠᠳ

ᠬᠡᠭᠡᠷ᠎ᠡ ᠲᠠᠯ᠎ᠠ ᠪᠠᠷ ᠭᠦᠶᠦᠯᠳᠦᠨ  ᠲᠤᠭ᠍ᠯᠠᠨ᠎ᠠ

ᠬᠡᠷᠡᠭ᠎ᠲᠦ ᠲᠤᠷᠠᠳᠠᠢ ᠠᠯᠢ ᠨᠢᠭᠡ ᠨᠢ

《ᠬᠡᠮᠬᠡ ᠬᠤᠯᠠᠭᠠᠢᠯᠠᠬ᠍ᠰᠠᠨ》 ᠨᠡᠷ᠎ᠡ᠎ᠳᠦ ᠤᠷᠤᠨ᠎ᠠ


ᠬᠦᠢᠲᠡᠨ ᠡᠪᠦᠯ᠎ᠢ ᠤᠳᠠᠳᠠᠯ᠎ᠠ ᠬᠦᠯᠢᠶᠡᠵᠦ᠍

ᠮᠦᠰᠤᠨ᠎ᠳᠤ ᠲᠡᠱᠢᠬᠦ᠌᠎ᠶ᠋ᠢ ᠮᠦᠷᠦᠭᠡᠳᠳᠡᠭ ᠪᠠᠢᠯ᠎ᠠ

ᠬᠦᠯᠳᠡᠬᠦᠦ ᠠᠷᠭᠠᠯ ᠵᠢᠡᠷ ᠵᠡᠭᠡᠷᠡᠩᠬᠡᠢ ᠡᠪᠯᠡᠭᠡᠵᠦ᠍

ᠮᠦᠷᠦᠢ ᠲᠠᠯᠪᠢᠬᠤ ᠭᠡᠵᠦ᠍ ᠲᠤᠷᠭᠢᠯᠳᠤᠳᠠᠭ ᠪᠠᠢᠯ᠎ᠠ


ᠬᠦᠯ ᠭᠠᠷ ᠨᠢ ᠰᠠᠭᠠᠷᠢᠲᠣᠨ ᠬᠠᠭᠠᠷᠠᠭᠠᠳ

ᠬᠦᠮᠦᠨ ᠦᠵᠡᠪᠡᠯ ᠭᠠᠢᠬᠠᠲᠠᠭ ᠪᠠᠢᠯ᠎ᠠ

ᠬᠦᠵᠦᠬᠦᠦ ᠰᠡᠭᠡᠷ ᠨᠢ ᠬᠬᠢᠷᠳᠦᠨ ᠬᠠᠷᠠᠯᠠᠭᠠᠳ

ᠬᠡᠦᠬᠡᠨᠴᠤᠳ ᠬᠠᠷᠠᠭᠠᠳ ᠡᠯᠡᠭ᠌ᠯᠡᠲᠡᠭ ᠪᠠᠢᠯ᠎ᠠ


ᠨᠢᠰᠤ ᠪᠠᠨ ᠴᠢᠷᠦᠭ᠌ᠰᠡᠨ ᠨᠢᠭᠡ᠎ᠶ᠋ᠢ ᠪᠠᠨ ᠭᠤᠯᠤᠵᠤ

ᠨᠢᠯᠪᠤᠰᠤ ᠭᠤᠭᠤᠵᠢᠭᠤᠯᠤᠬ᠍ᠰᠠᠨ ᠨᠢᠭᠡ᠎ᠶ᠋ᠢ ᠪᠠᠨ ᠠᠷᠭᠠᠳᠠᠵᠤ

ᠨᠡᠢᠯᠡᠵᠦ᠍ ᠬᠡᠳᠦᠭᠦᠯᠡ ᠬᠡᠭᠡᠷ᠎ᠡ ᠲᠤᠭᠤᠷᠢᠳᠠᠭ

ᠨᠢᠭᠡᠳᠤᠵᠦ᠍ ᠬᠡᠳᠦᠭᠦᠯᠡ 《ᠦᠰ》 ᠨᠡᠬᠡᠯᠴᠡᠳᠡᠭ


ᠤᠨᠤᠳᠠᠭ᠎ᠠᠴᠠ ᠪᠤᠷᠭᠠᠰᠤᠨ ᠮᠤᠷᠢᠲᠠᠢ

ᠤᠤᠭᠤᠳᠠᠭ᠎ᠠᠴᠠ ᠲᠠᠯ᠎ᠠ᠎ᠶ᠋ᠢᠨ ᠪᠤᠯᠠᠭ ᠲᠠᠢ

ᠲᠡᠭᠦᠳᠡᠭ᠎ᠡᠴᠡ ᠬᠡᠭᠡᠷ᠎ᠡ᠎ᠶ᠋ᠢᠨ ᠵᠢᠮᠢᠰ ᠲᠠᠢ

ᠲᠡᠱᠢᠬᠦᠯᠳᠡᠭ᠎ᠡᠴᠡ ᠤᠨᠠᠭ᠎ᠠ ᠲᠠᠭ᠎ᠠ ᠲᠠᠢ


ᠠᠮᠳᠠᠳᠠᠢ᠎ᠠᠴᠠ 《ᠵᠦᠭᠡᠬᠡᠢ ᠲᠠᠢ ᠠᠮᠤ》

ᠠᠪᠤᠱᠢᠳᠠᠢ᠎ᠡᠴᠡ 《ᠠᠯᠠᠭ᠍ᠲᠠᠭ᠎ᠠ ᠲᠠᠭᠤᠬᠤ》

ᠲᠠᠯ᠎ᠠ ᠶᠸᠪᠢᠩ ᠬᠤᠪᠢᠶᠠᠵᠤ ᠤᠯᠤᠭᠠᠳ ᠪᠠᠶᠠᠰᠳᠠᠭ ᠪᠠᠢᠯ᠎ᠠ

ᠲᠠᠪᠤ ᠭᠤᠷᠪᠠᠨ ᠫᠤᠤᠵᠢᠩ ᠤᠯᠤᠭᠠᠳ ᠭᠠᠢᠬᠠᠭᠤᠯᠳᠠᠭ ᠪᠠᠢᠯ᠎ᠠ


ᠠᠴᠢᠯᠠᠯᠳᠠᠢ᠎ᠠᠴᠠ ᠠᠪᠤ ᠡᠵᠢ ᠬᠤᠶᠠᠷ

ᠠᠮᠠᠷᠠᠭ᠍ᠯᠠᠯᠳᠠᠢ᠎ᠠᠴᠠ ᠠᠬ᠎ᠠ ᠲᠡᠬᠦᠦ ᠬᠡᠳᠦᠭᠦᠯᠡ

ᠬᠦᠳᠡᠭᠡ᠎ᠶ᠋ᠢᠨ ᠬᠡᠦᠬᠡᠳ ᠭᠡᠵᠦ᠍ ᠬᠦᠭᠡᠷᠦᠬᠦᠢ ᠯᠡ ᠪᠠᠢᠵᠠᠢ

ᠬᠦᠲᠦᠯᠬᠦ᠌ ᠵᠠᠶᠠᠭ᠎ᠠ ᠮᠢᠨᠢ ᠬᠠᠮᠢᠭᠠᠰᠢ ᠪᠤᠯ ᠳ᠋ᠠ


ᠨᠤᠲᠤᠭ᠎ᠤᠨ ᠵᠢᠡᠨ ᠮᠠᠩᠬᠠᠨ᠎ᠤ ᠤᠷᠤᠢ᠎ᠳᠤ ᠭᠠᠷᠤᠭᠠᠳ

ᠨᠢᠳᠤ ᠪᠡᠨ ᠴᠢᠯᠠᠳᠡᠯ᠎ᠡ ᠠᠯᠤᠰ᠎ᠢ ᠪᠠᠷᠠᠯᠠᠨ᠎ᠠ

《 ᠨᠠᠭᠤᠷ᠎ᠤᠨ ᠮᠡᠯᠡᠬᠡᠢ ᠱᠢᠪᠠᠷ᠎ᠲᠠᠭᠠᠨ》 ᠭᠡᠳᠡᠭ᠎ᠦᠨ

ᠨᠢᠭᠤᠴᠠ ᠤᠴᠢᠷ᠎ᠢ ᠬᠡᠷᠬᠢᠨ ᠮᠡᠳᠡᠬᠦᠪ?


ᠰᠤᠷᠬᠤ ᠨᠠᠰᠤᠨ᠎ᠳᠤ ᠬᠦᠷᠬᠦ᠌᠎ᠶ᠋ᠢᠨ ᠬᠢᠷᠢ

ᠰᠤᠷᠭᠠᠭᠤᠯᠢ ᠴᠢᠭ᠌ᠯᠡᠨ ᠭᠦᠶᠦᠬᠦ᠌ ᠪᠤᠯᠤᠯ᠎ᠠ

ᠰᠤᠶᠤᠯ ᠭᠡᠭᠡᠷᠡᠯ᠎ᠦᠨ ᠵᠠᠮ᠎ᠳᠤ ᠤᠷᠤᠵᠤ

ᠰᠤᠤ ᠪᠢᠯᠢᠭ ᠵᠢᠡᠨ ᠨᠡᠬᠡᠭᠡᠭ᠌ᠳᠡᠬᠦᠯᠬᠦ᠌ ᠪᠤᠯᠤᠯ᠎ᠠ


ᠡᠷᠳᠡᠮ᠎ᠦᠨ ᠡᠬᠦᠲᠡ  ᠪᠡᠷ ᠠᠯᠬᠤᠵᠤ ᠤᠷᠤᠭ᠍ᠰᠠᠨ᠎ᠠᠴᠠ

ᠡᠷᠢᠯ ᠬᠦᠰᠡᠯ ᠦᠭᠡᠷ᠎ᠡ ᠪᠤᠯᠵᠤ ᠳ᠋ᠠ

ᠡᠯᠡᠰᠤ ᠮᠠᠩᠬᠠᠨ᠎ᠠᠴᠠ ᠬᠡᠵᠢᠶ᠎ᠡ ᠰᠠᠯᠤᠭᠠᠳ

ᠶᠢᠷᠲᠢᠨᠴᠦ᠍ ᠦᠵᠡᠬᠦ᠌ ᠭᠡᠵᠦ᠍ ᠪᠤᠳᠤᠬᠤ ᠪᠤᠯᠵᠤ ᠳ᠋ᠠ


ᠬᠦᠰᠡᠯ᠎ᠦᠨ ᠵᠢᠯᠤᠭᠤ ᠪᠠᠨ ᠴᠠᠭᠠᠰᠢ ᠰᠤᠩᠭᠠᠯ᠎ᠠ

ᠬᠦᠯᠦᠭ ᠤᠨᠤᠭ᠎ᠠ ᠮᠠᠨᠢ ᠴᠤ᠌ ᠨᠤᠮ ᠪᠢᠴᠢᠭ ᠪᠤᠯᠵᠤ ᠳ᠋ᠠ

ᠬᠦᠳᠡᠭᠡ᠎ᠶ᠋ᠢᠨ ᠬᠦᠦ ᠵᠤᠷᠢᠭ ᠵᠢᠠᠨ ᠴᠢᠩᠭᠠᠯᠠᠵᠤ

ᠬᠦᠴᠢᠷ ᠪᠡᠷᠬᠡᠱᠢᠶᠡᠯᠳᠤ ᠵᠠᠮ ᠵᠢᠠᠷ ᠲᠡᠮᠡᠦᠯᠦᠯ᠎ᠡ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号